ᠮ∙ᠠᠨᠠᠨᠳᠠ ᠡᠨᠡ ᠰᠠᠷ᠎ᠠ ᠶᠢᠨ ᠪᠠᠰᠶᠤ ᠶᠢ ᠣᠷᠬᠢᠯ᠎ᠠ | News.MN

ᠮ∙ᠠᠨᠠᠨᠳᠠ ᠡᠨᠡ ᠰᠠᠷ᠎ᠠ ᠶᠢᠨ ᠪᠠᠰᠶᠤ ᠶᠢ ᠣᠷᠬᠢᠯ᠎ᠠ

ᠲᠤᠤᠺᠢᠤ᠋ ᠬᠤᠲᠠ ᠳᠤ ᠪᠣᠯᠵᠤ ᠪᠤᠢ ᠮᠡᠷᠭᠡᠵᠢᠯ ᠦᠨ ᠰᠦᠮᠣ᠋ ᠪᠥᠬᠡ ᠶᠢᠨ ᠬᠠᠴᠤ᠋ ᠪᠠᠰᠶᠤ ᠶᠢ ᠠᠪᠤᠷᠭᠤ ᠺᠠᠺᠥᠷᠶᠦ ᠮ∙ᠠᠨᠠᠨᠳᠠ ᠣᠷᠬᠢᠯ᠎ᠠ᠃ ᠲᠡᠷᠡᠪᠡᠷ ᠥᠴᠥᠭᠡᠳᠦᠷ ᠪᠣᠯᠤᠭᠰᠠᠨ ᠲᠠᠪᠤᠳᠠᠬᠢ ᠡᠳᠦᠷ ᠦᠨ ᠪᠠᠷᠢᠯᠳᠤᠭᠠᠨ ᠳᠤ ᠠ᠊∙ᠢᠴᠢᠨᠨᠣᠷᠪᠤ ᠳᠤ ᠤᠨᠠᠵᠤ ᠬᠣᠶᠠᠷ ᠳᠠᠪᠠᠭ᠎ᠠ᠂ ᠭᠤᠷᠪᠠᠨ ᠤᠨᠤᠭ᠎ᠠ ᠲᠠᠢ ᠪᠣᠯᠤᠭᠠᠳ ᠪᠠᠶᠢᠭᠰᠠᠨ ᠶᠤᠮ᠃ ᠥᠨᠥᠳᠥᠷ ᠬᠣᠺᠥᠲ᠋ᠣᠹᠦᠵᠢ ᠲᠡᠢ ᠪᠠᠷᠢᠯᠳᠤᠬᠤ ᠪᠠᠶᠢᠭᠰᠠᠨ ᠴᠤ ᠪᠠᠰᠶᠤ ᠶᠢ ᠤᠷᠬᠢᠬᠤ ᠰᠢᠢᠳᠪᠦᠷᠢ ᠶᠢ ᠭᠠᠷᠭᠠᠵᠠᠢ᠃ ᠺᠠᠺᠥᠷᠶᠦ ᠠᠪᠤᠷᠭᠤ ᠲᠡᠮᠡᠴᠡᠭᠡᠨ ᠦ ᠡᠮᠦᠨ᠎ᠡ ᠪᠠᠷᠠᠭᠤᠨ ᠬᠦᠯ ᠦᠨ ᠱᠠᠭ᠎ᠠ ᠶᠢ ᠪᠠᠨ ᠭᠡᠮᠲᠦᠭᠡᠭᠰᠡᠨ ᠪᠠᠶᠢᠨ᠎ᠠ᠃ ᠬᠠᠴᠦ ᠪᠠᠰᠶᠤ ᠶᠢ ᠠᠪᠤᠷᠭᠤ ᠺᠢᠰᠸᠨᠤᠰᠠᠲ᠋ᠤ᠋  ᠶᠢᠨ ᠠᠷᠤ ᠠᠴᠠ ᠺᠠᠺᠥᠷᠶᠦ ᠣᠷᠬᠢᠯ᠎ᠠ᠃ ᠣᠳᠣ ᠠᠪᠤᠷᠭᠤ ᠨᠠᠷ ᠠᠴᠠ ᠭᠠᠭᠴᠠᠬᠠᠨ ᠶᠡᠬᠡ ᠠᠪᠤᠷᠭᠤ ᠬᠠᠺᠤᠬᠤ᠋ ᠮ∙ᠳᠠᠸᠠᠵᠢᠷᠭᠠᠯ ᠦᠯᠡᠳᠡᠭᠰᠡᠨ᠃  ᠲᠡᠭᠦᠨ ᠦ ᠬᠤᠪᠢ ᠳᠤ ᠲᠠᠪᠤᠨ ᠳᠠᠪᠠᠭ᠎ᠠ ᠲᠠᠢ ᠪᠠᠰᠶᠤ ᠶᠢ ᠲᠡᠷᠢᠭᠦᠯᠡᠭᠰᠡᠨ ᠬᠡᠪ ᠢᠶᠡᠷ ᠪᠠᠶᠢᠨ᠎ᠠ᠃

ᠰᠡᠳᠬᠢᠭᠳᠡᠯ ᠦᠯᠡᠳᠡᠭᠡᠬᠦ