ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠮᠡᠳᠡᠭᠡᠯᠡᠭᠰᠡᠨ ᠢᠶᠡᠷ ᠮᠠᠨ ᠤ ᠤᠯᠤᠰ ᠤᠨ ᠬᠢᠯᠢ ᠪᠡᠷ ᠥᠩᠭᠡᠷᠡᠭᠰᠡᠨ ᠣᠨ ᠳᠤ ᠳᠠᠪᠬᠤᠷᠳᠠᠭᠰᠠᠨ ᠲᠣᠭ᠎ᠠ ᠪᠠᠷ 6.1 ᠰᠠᠶ᠎ᠠ ᠵᠤᠷᠴᠢᠭᠴᠢ ᠨᠡᠪᠲᠡᠷᠡᠵᠡᠢ᠃ ᠡᠨᠡ ᠨᠢ ᠡᠮᠦᠨᠡᠬᠢ ᠣᠨ ᠤ ᠬᠢ ᠠᠴᠠ 153.7 ᠮᠢᠩᠭ᠎ᠠ ᠪᠠᠷ ᠥᠰᠦᠭᠰᠡᠨ ᠳ᠋ᠦᠩ ᠲᠡᠢ ᠪᠠᠶᠢᠨ᠎ᠠ᠃ ᠤᠯᠤᠰ ᠤᠨ ᠬᠢᠯᠢ ᠪᠡᠷ ᠨᠡᠪᠲᠡᠷᠡᠭᠰᠡᠨ ᠵᠣᠷᠴᠢᠭᠴᠢᠳ ᠤᠨ 39.5 ᠬᠤᠪᠢ ᠨᠢ ᠵᠠᠮ ᠤᠨ ᠡᠭᠦᠳᠡ᠂ 17.8 ᠬᠤᠪᠢ ᠨᠢ ᠪᠤᠶᠠᠨᠲᠤ-ᠬᠤᠸᠠ᠂ 11.8 ᠬᠤᠪᠢ ᠨᠢ ᠭᠠᠰᠢᠭᠤᠨ ᠰᠤᠬᠠᠶᠢᠲᠤ ᠂ 11.3 ᠬᠤᠪᠢ ᠨᠢ ᠠᠯᠲᠠᠨᠪᠤᠯᠠᠭ᠂ 6.1 ᠬᠤᠪᠢ ᠨᠢ ᠰᠢᠪᠡᠭᠡ ᠬᠦᠷᠡᠩ᠂ 13.4 ᠬᠤᠪᠢ ᠨᠢ ᠪᠤᠰᠤᠳ ᠪᠣᠭᠣᠮᠲᠠ ᠪᠠᠷ ᠣᠷᠣᠭᠰᠠᠨ ᠪᠠᠶᠢᠨ᠎ᠠ ᠃ ᠤᠯᠤᠰ ᠤᠨ ᠬᠢᠯᠢ ᠪᠡᠷ 2018 ᠣᠨ ᠳᠤ ᠭᠠᠳᠠᠭᠠᠳᠤ ᠶᠢᠨ 598.4 ᠮᠢᠩᠭᠠᠨ ᠬᠦᠮᠦᠨ ᠣᠷᠣᠭᠰᠠᠨ ᠨᠢ ᠡᠮᠦᠨᠡᠬᠢ ᠣᠨ ᠤ ᠬᠢ ᠠᠴᠠ 55.7 ᠮᠢᠩᠭ᠎ᠠ ᠪᠠᠷ ᠥᠰᠴᠠᠢ᠃ ᠲᠡᠳᠡᠨ ᠦ 87.7 ᠬᠤᠪᠢ ᠨᠢ 30 ᠬᠦᠷᠲᠡᠯ᠎ᠡ ᠬᠣᠨᠣᠭ᠂ 10.7 ᠬᠤᠪᠢ ᠨᠢ 90᠂ ᠲᠡᠭᠦᠨ ᠡᠴᠡ ᠳᠡᠭᠡᠭᠰᠢ ᠬᠣᠨᠣᠭ᠂ 1.6 ᠬᠤᠪᠢ ᠨᠢ 30 ᠠᠴᠠ 90 ᠬᠦᠷᠲᠡᠯ᠎ᠡ ᠬᠣᠨᠣᠭ ᠤᠨ ᠬᠤᠭᠤᠴᠠᠭ᠎ᠠ ᠪᠠᠷ ᠢᠷᠡᠭᠰᠡᠨ ᠪᠠᠶᠢᠨ᠎ᠠ᠃
ᠬᠢᠯᠢ ᠪᠡᠷ ᠣᠷᠣᠭᠰᠠᠨ ᠭᠠᠳᠠᠭᠠᠳᠤ ᠶᠢᠨ ᠵᠣᠷᠴᠢᠭᠴᠢᠳ ᠤᠨ 69.0 ᠮᠢᠩᠭ᠎ᠠ ᠨᠢ ᠠᠵᠢᠯᠯᠠᠬᠤ᠂ ᠰᠤᠷᠤᠯᠴᠠᠬᠤ ᠪᠣᠯᠤᠨ ᠪᠠᠶᠢᠩᠭᠤ ᠣᠷᠣᠰᠢᠨ ᠰᠠᠭᠤᠬᠤ ᠵᠣᠷᠢᠯᠭ᠎ᠠ ᠪᠠᠷ ᠢᠷᠡᠵᠡᠢ᠃ ᠡᠮᠦᠨᠡᠬᠢ ᠣᠨ ᠤ ᠬᠢ ᠠᠴᠠ ᠲᠠᠶᠢᠯᠠᠨᠳ᠋ ᠤᠯᠤᠰ ᠤᠨ ᠵᠢᠭᠤᠯᠴᠢᠳ 767᠂ ᠢᠨᠳᠤᠨᠢᠰᠢᠶ᠎ᠠ ᠤᠯᠤᠰ ᠤᠨ ᠬᠢ 161᠂ ᠲᠦᠷᠺ ᠤᠯᠤᠰ ᠤᠨ ᠬᠢ 510᠂ ᠡᠨᠡᠳᠬᠡᠭ ᠤᠯᠤᠰ ᠤᠨ ᠬᠢ 424 ᠬᠦᠮᠦᠨ ᠢᠶᠡᠷ ᠲᠤᠰ ᠲᠤᠰ ᠥᠰᠦᠭᠰᠡᠨ ᠪᠣᠯ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ ᠤᠨ ᠬᠢ 359᠂ ᠸᠢᠶᠧᠲ᠋ᠨᠠᠮ ᠤᠯᠤᠰ ᠤᠨ ᠬᠢ 243᠂ ᠠᠦ᠋ᠰᠲᠷᠢᠶ᠎ᠠ ᠤᠯᠤᠰ ᠤᠨ ᠬᠢ 230 ᠬᠦᠮᠦᠨ ᠢᠶᠡᠷ ᠪᠠᠭᠤᠷᠠᠵᠠᠢ᠃ ᠭᠠᠳᠠᠭᠠᠳᠤ ᠶᠢᠨ ᠵᠣᠷᠴᠢᠭᠴᠢᠳ ᠤᠨ 62.3 ᠬᠤᠪᠢ ᠨᠢ ᠵᠡᠭᠦᠨ ᠠᠽᠢᠶ᠎ᠠ᠂ ᠨᠣᠮᠣᠬᠠᠨ ᠳᠠᠯᠠᠢ ᠶᠢᠨ ᠪᠥᠰᠡ ᠨᠤᠲᠤᠭ ᠠᠴᠠ᠂ 31.6 ᠬᠤᠪᠢ ᠨᠢ ᠧᠦ᠋ᠷᠣᠫᠠ ᠠᠴᠠ᠂ 4.3 ᠬᠤᠪᠢ ᠨᠢ ᠠᠮᠧᠷᠢᠺᠠ ᠲᠢᠪ ᠡᠴᠡ᠂ 1.8 ᠬᠤᠪᠢ ᠨᠢ ᠣᠶᠢᠷᠠᠬᠢ ᠳᠣᠷᠣᠨᠠᠲᠤ᠂ ᠡᠮᠦᠨᠡᠲᠦ ᠠᠽᠢᠶ᠎ᠠ᠂ ᠠᠹᠷᠢᠺᠠ ᠲᠢᠪ ᠡᠴᠡ ᠢᠷᠡᠵᠡᠢ᠃