ᠴᠠᠭᠠᠨ ᠳᠡᠯ ᠦᠨ ᠠᠭᠤᠢ ᠶᠢ ᠬᠠᠮᠠᠭᠠᠯᠠᠯᠲᠠ ᠳᠤ ᠠᠪᠤᠨ᠎ᠠ | News.MN

ᠴᠠᠭᠠᠨ ᠳᠡᠯ ᠦᠨ ᠠᠭᠤᠢ ᠶᠢ ᠬᠠᠮᠠᠭᠠᠯᠠᠯᠲᠠ ᠳᠤ ᠠᠪᠤᠨ᠎ᠠ

ᠤᠯᠤᠰ ᠤᠨ ᠶᠡᠬᠡ ᠬᠤᠷᠠᠯ ᠤᠨ ᠪᠠᠶᠢᠭᠠᠯᠢ ᠣᠷᠴᠢᠨ᠂ ᠬᠦᠨᠡᠰᠦ᠂ ᠬᠥᠳᠡᠭᠡ ᠠᠵᠤ ᠠᠬᠤᠢ ᠶᠢᠨ ᠪᠠᠶᠢᠩᠭᠤ ᠶᠢᠨ ᠬᠣᠷᠢᠶ᠎ᠠ ᠳᠣᠷᠣᠨᠠᠭᠣᠪᠢ ᠠᠶᠢᠮᠠᠭ ᠤᠨ ᠠᠶᠢᠷᠠᠭ ᠰᠤᠮᠤ ᠶᠢᠨ ᠨᠤᠲᠤᠭ ᠲᠤ ᠪᠠᠶᠢᠬᠤ ᠠᠶᠢᠮᠠᠭ ᠤᠨ  ᠪᠠᠶᠢᠭᠠᠯᠢ ᠶᠢᠨ ᠶᠢᠰᠦᠨ ᠭᠠᠶᠢᠬᠠᠮᠰᠢᠭ ᠤᠨ ᠨᠢᠭᠡ- ᠴᠠᠭᠠᠨ ᠳᠡᠯ ᠦᠨ ᠠᠭᠤᠢ ᠶᠢ ᠪᠠᠶᠢᠭᠠᠯᠢ ᠶᠢᠨ ᠳᠤᠷᠠᠰᠬᠠᠯᠲᠤ ᠭᠠᠵᠠᠷ ᠤᠨ ᠠᠩᠭᠢᠯᠠᠯ ᠢᠶᠠᠷ᠂ ᠬᠥᠪᠰᠥᠭᠥᠯ ᠰᠤᠮᠤ ᠶᠢᠨ ᠨᠤᠲᠤᠭ ᠲᠤ ᠤᠷᠤᠰᠢᠬᠤ ᠭᠦᠨ ᠭᠠᠰᠢᠭᠤᠨ ᠤ ᠬᠣᠭᠣᠯᠠᠢ ᠶᠢ ᠪᠠᠶᠢᠭᠠᠯᠢ ᠶᠢᠨ ᠨᠥᠭᠡᠴᠡ ᠭᠠᠵᠠᠷ ᠤᠨ ᠠᠩᠭᠢᠯᠠᠯ ᠢᠶᠠᠷ ᠲᠤᠰ ᠲᠤᠰ ᠤᠯᠤᠰ ᠤᠨ ᠲᠤᠰᠬᠠᠢ ᠬᠠᠮᠠᠭᠠᠯᠠᠯᠲᠠ ᠠᠪᠬᠤ ᠶᠢ ᠳᠡᠮᠵᠢᠭᠡᠳ ᠪᠠᠶᠢᠨ᠎ᠠ᠃
ᠴᠠᠭᠠᠨ ᠳᠡᠯ ᠦᠨ ᠠᠭᠤᠢ ᠭᠠᠳᠠᠨ᠎ᠠ ᠪᠠᠨ ᠬᠣᠶᠠᠷ ᠠᠮᠠ ᠲᠠᠢ᠃ ᠨᠢᠭᠡ ᠨᠢ ᠡᠭᠴᠡ ᠳᠣᠭᠣᠭᠰᠢ ᠪᠠᠨ  ᠳᠡᠭᠦᠵᠢᠩ  ᠢᠶᠡᠷ ᠣᠷᠣᠳᠠᠭ᠂ ᠨᠥᠭᠥᠭᠡ ᠨᠢ ᠬᠣᠶᠠᠷ ᠠᠴᠠ ᠭᠤᠷᠪᠠᠨ ᠮᠧᠲ᠋ᠷ ᠣᠷᠴᠢᠮ ᠭᠦᠨ ᠲᠡᠢ ᠲᠠᠪᠤᠨ ᠬᠠᠨ᠎ᠠ ᠲᠠᠢ ᠭᠡᠷ ᠦᠨ  ᠪᠠᠭᠤᠷᠢ ᠶᠢᠨ ᠬᠡᠮᠵᠢᠶ᠎ᠡ ᠲᠡᠢ᠃ ᠳᠣᠲᠣᠷ᠎ᠠ ᠪᠠᠨ ᠰᠡᠷᠢᠭᠦᠦ ᠲᠠᠲᠠᠭᠰᠠᠨ ᠨᠡᠩ ᠲᠠᠭᠠᠯᠠᠮᠵᠢᠲᠠᠢ ᠲᠡᠳᠦᠢ ᠦᠭᠡᠢ ᠴᠠᠰᠢ ᠪᠠᠨ ᠶᠠᠪᠤᠬᠤ ᠳᠤ ᠵᠠᠷᠢᠮ ᠭᠠᠵᠠᠷ ᠢᠶᠠᠨ ᠤᠯᠠᠭᠠᠨ ᠬᠣᠨᠳᠤ ᠲᠠᠢ᠂ ᠴᠡᠩᠬᠡᠷ ᠲᠤᠶᠠᠭ᠎ᠠ ᠲᠠᠢ ᠮᠥᠰᠥ ᠲᠡᠢ  ᠠᠵᠠᠢ᠃ ᠠᠭᠤᠢ ᠳᠤ ᠵᠢᠩ ᠶᠡᠬᠡ ᠲᠡᠢ᠂ ᠰᠠᠶᠢᠨ ᠴᠢᠨᠠᠷ ᠤᠨ ᠵᠣᠩᠰᠢ ᠡᠯᠪᠡᠭ ᠲᠤᠯᠠ ᠺᠣᠮᠫᠠᠨᠢ ᠨᠤᠭᠤᠳ ᠪᠣᠯᠤᠨ  ᠬᠤᠪᠢ ᠪᠠᠷ ᠢᠶᠠᠨ ᠠᠰᠢᠭᠲᠤ ᠮᠠᠯᠲᠠᠮᠠᠯ ᠣᠯᠪᠤᠷᠢᠯᠠᠭᠴᠢ ᠢᠷᠭᠡᠳ ᠰᠦᠢᠳᠬᠡᠭᠰᠡᠨ ᠪᠠᠶᠢᠳᠠᠭ᠃ ᠲᠤᠰ ᠠᠭᠤᠢ ᠶᠢ 2014 ᠣᠨ ᠳᠤ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠣᠭᠲᠠᠭᠠᠯ ᠢᠶᠠᠷ ᠠᠶᠢᠮᠠᠭ ᠤᠨ ᠲᠤᠰᠬᠠᠢ ᠬᠠᠮᠠᠭᠠᠯᠠᠯᠲᠠ ᠳᠤ ᠠᠪᠴᠠᠢ᠃

ᠰᠡᠳᠬᠢᠭᠳᠡᠯ ᠦᠯᠡᠳᠡᠭᠡᠬᠦ