ᠰᠤᠶᠤᠯ ᠤᠨ ᠡᠯᠴᠢ ᠪᠡᠷ ᠭ∙ᠣᠳᠬᠣᠨᠲᠡᠭᠦᠰ ᠢ ᠲᠤᠮᠢᠯᠠᠪᠠ | News.MN

ᠰᠤᠶᠤᠯ ᠤᠨ ᠡᠯᠴᠢ ᠪᠡᠷ ᠭ∙ᠣᠳᠬᠣᠨᠲᠡᠭᠦᠰ ᠢ ᠲᠤᠮᠢᠯᠠᠪᠠ

ᠭᠠᠳᠠᠭᠠᠳᠤ ᠬᠠᠷᠢᠯᠴᠠᠭᠠᠨ ᠤ ᠶᠠᠮᠤᠨ ᠠᠴᠠ ᠮᠣᠩᠭᠣᠯ ᠤᠯᠤᠰ ᠤᠨ ᠰᠤᠶᠤᠯ ᠤᠨ ᠡᠯᠴᠢ ᠪᠡᠷ ᠭᠣᠮᠪᠣ ᠣᠪᠤᠭ ᠲᠠᠢ ᠣᠳᠬᠣᠨᠲᠡᠭᠦᠰ ᠢ ᠲᠣᠮᠢᠯᠠᠵᠤ᠂ ᠭᠡᠷᠡᠴᠢᠯᠡᠭᠡ ᠶᠢ ᠭᠠᠷᠳᠠᠭᠤᠯᠤᠯ᠎ᠠ ᠃ ᠮᠣᠩᠭᠣᠯ ᠤᠯᠤᠰ ᠤᠨ ᠰᠤᠶᠤᠯ ᠤᠨ ᠡᠯᠴᠢ ᠨᠢ ᠮᠣᠩᠭᠣᠯ ᠤᠨ ᠲᠡᠦᠬᠡ᠂ ᠰᠤᠶᠤᠯ᠂ ᠤᠷᠠᠯᠢᠭ ᠢ ᠭᠠᠳᠠᠭᠠᠳᠤ ᠣᠷᠣᠨ ᠳᠤ ᠲᠠᠨᠢᠯᠴᠠᠭᠤᠯᠬᠤ᠂ ᠰᠢᠨᠵᠢᠯᠡᠬᠦ ᠤᠬᠠᠭᠠᠨ᠂ ᠰᠫᠣᠷᠲ᠂ ᠬᠦᠮᠦᠯᠢᠭ ᠦᠨ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ᠂ ᠠᠵᠢᠯ ᠬᠡᠷᠡᠭᠴᠢ ᠬᠦᠮᠦᠰ ᠪᠣᠯᠤᠨ ᠢᠷᠭᠡᠳ ᠬᠠᠮᠲᠤᠷᠠᠨ ᠠᠵᠢᠯᠯᠠᠬᠤ ᠳᠤ ᠳᠡᠮᠵᠢᠯᠭᠡ ᠦᠵᠡᠭᠦᠯᠬᠦ ᠡᠭᠦᠷᠭᠡ ᠲᠡᠢ ᠶᠤᠮ᠃ ᠭ∙ᠣᠳᠬᠣᠨᠲᠡᠭᠦᠰ ᠲᠤ ᠰᠤᠶᠤᠯ ᠤᠨ ᠡᠯᠴᠢ ᠶᠢᠨ ᠡᠷᠬᠢᠮ ᠡᠭᠦᠷᠭᠡ ᠶᠢ ᠰᠠᠨᠠᠭᠠᠴᠢᠯᠠᠭ᠎ᠠ ᠲᠠᠢ ᠬᠡᠷᠡᠭᠵᠢᠭᠦᠯᠵᠦ᠂ ᠮᠣᠩᠭᠣᠯ᠂ ᠰᠣᠯᠣᠩᠭᠣᠰ ᠤᠨ ᠰᠤᠶᠤᠯ᠂ ᠬᠦᠮᠦᠯᠢᠭ ᠦᠨ ᠬᠠᠮᠲᠤ ᠶᠢᠨ ᠠᠵᠢᠯᠯᠠᠭ᠎ᠠ ᠶᠢ ᠢᠳᠡᠪᠬᠢᠵᠢᠭᠦᠯᠬᠦ ᠴᠢᠭᠯᠡᠯ ᠳᠦ ᠢᠳᠡᠪᠬᠢᠲᠡᠢ ᠠᠵᠢᠯᠯᠠᠬᠤ ᠶᠢ ᠬᠦᠰᠡᠵᠦ ᠂ ᠲᠣᠳᠣᠷᠬᠠᠢ ᠴᠢᠭᠯᠡᠯ ᠥᠭᠪᠡ᠃

ᠰᠡᠳᠬᠢᠭᠳᠡᠯ ᠦᠯᠡᠳᠡᠭᠡᠬᠦ