ᠫ᠂ ᠪᠠᠶᠠᠷᠴᠡᠩᠭᠡᠯ ᠠᠩᠬᠠᠨ ᠤ ᠲᠤᠭᠯᠠᠯᠲᠠ ᠪᠠᠨ ᠬᠢᠨ᠎ᠡ | News.MN

ᠫ᠂ ᠪᠠᠶᠠᠷᠴᠡᠩᠭᠡᠯ ᠠᠩᠬᠠᠨ ᠤ ᠲᠤᠭᠯᠠᠯᠲᠠ ᠪᠠᠨ ᠬᠢᠨ᠎ᠡ

︽ᠶᠠᠭ ᠲᠡᠭᠦᠨ ᠰᠢᠭ︾ ᠱᠤᠸᠤ᠋ ᠶᠢᠨ ᠢᠯᠠᠭᠴᠢ ᠳᠠᠭᠤᠴᠢᠨ᠂  ᠵᠦᠴᠦᠭᠡᠴᠢᠨ ᠫ∙ᠪᠠᠶᠠᠷᠴᠡᠩᠭᠡᠯ ᠢᠷᠡᠬᠦ ᠰᠠᠷ᠎ᠠ ᠶᠢᠨ 13 ᠍ ᠳᠦ UB palace ᠍ ᠦᠨ ᠺᠣᠨᠼᠧᠷᠲ ᠤᠨ ᠶᠡᠬᠡ ᠲᠠᠩᠬᠢᠮ ᠳᠤ ᠠᠩᠬᠠᠨ ᠤ ᠪᠡᠶ᠎ᠡ ᠳᠠᠭᠠᠭᠠᠭᠰᠠᠨ ︽ᠰᠠᠨᠠᠬᠤ ᠳᠤ ᠪᠠᠨ︾ ᠲᠣᠭᠯᠠᠯᠲᠠ ᠪᠠᠨ ᠬᠢᠬᠦ ᠪᠡᠷ ᠪᠣᠯᠵᠠᠢ᠃ ᠲᠡᠷᠡ ᠪᠡᠷ ᠲᠤᠰ ᠲᠤᠭᠯᠠᠯᠲᠠ ᠳᠤ ᠳᠠᠭᠤᠯᠠᠭᠳᠠᠬᠤ  ︽ᠬᠥᠭᠵᠢᠮ ᠯᠠ ᠨᠠᠮᠠᠶᠢ︾ ᠳᠠᠭᠤᠤ ᠶᠢᠨ ᠺᠯᠢᠫ ᠢ ᠡᠨᠡ ᠳᠣᠯᠣᠭ᠎ᠠ ᠬᠣᠨᠣᠭ ᠲᠤ ᠰᠠᠴᠤᠭᠰᠠᠨ ᠶᠤᠮ᠃
ᠳᠠᠭᠤᠴᠢᠨ ᠫ∙ᠪᠠᠶᠠᠷᠴᠡᠩᠭᠡᠯ ᠡᠮᠦᠨ᠎ᠡ ᠨᠢ ᠰᠸᠢᠰ᠂ ᠠᠦ᠋ᠰᠲᠷᠢᠶ᠎ᠠ ᠶᠢᠨ ᠠᠷᠠᠳ ᠤᠨ ᠤᠷᠠᠯᠢᠭ ᠠᠴᠠ ᠪᠤᠢ ᠪᠣᠯᠤᠭᠰᠠᠨ ᠣᠷᠴᠢᠨ ᠦᠶ᠎ᠡ ᠶᠢᠨ ︽ᠶᠣᠳᠣᠯ︾ ᠬᠡᠮᠡᠬᠦ ᠳᠠᠭᠤᠤ ᠶᠢᠨ ᠤᠷᠠᠯᠢᠭ ᠤᠨ ᠲᠥᠷᠥᠯ ᠢ ᠮᠣᠩᠭᠣᠯ ᠳᠤ ᠨᠤᠲᠤᠭᠰᠢᠭᠤᠯᠵᠤ᠂  ︽ᠧᠣᠳᠣᠯ︾ ᠨᠡᠷ᠎ᠡ ᠲᠡᠢ ᠴᠣᠮᠣᠭ ᠢᠶᠠᠨ ᠭᠠᠷᠭᠠᠵᠤ ᠪᠠᠶᠢᠭᠰᠠᠨ ᠪᠢᠯᠡ᠃

ᠰᠡᠳᠬᠢᠭᠳᠡᠯ ᠦᠯᠡᠳᠡᠭᠡᠬᠦ