1.1 ᠲᠡᠷᠪᠤᠮ ᠳ᠋ᠤᠯᠯᠠᠷ ᠤᠨ ᠡᠷᠦᠳᠡᠰᠦ ᠪᠦᠲᠦᠭᠡᠭᠳᠡᠬᠦᠨ ᠡᠺᠰᠫᠤᠷᠲᠯᠤᠵᠠᠢ | News.MN

1.1 ᠲᠡᠷᠪᠤᠮ ᠳ᠋ᠤᠯᠯᠠᠷ ᠤᠨ ᠡᠷᠦᠳᠡᠰᠦ ᠪᠦᠲᠦᠭᠡᠭᠳᠡᠬᠦᠨ ᠡᠺᠰᠫᠤᠷᠲᠯᠤᠵᠠᠢ

ᠭᠠᠳᠠᠭᠠᠳᠤ ᠬᠤᠳᠠᠯᠳᠤᠭᠠᠨ ᠤ ᠲᠡᠩᠴᠡᠯ 2017 ᠣᠨ ᠳᠤ 1.8 ᠲᠡᠷᠪᠤᠮ ᠳ᠋ᠣᠯᠯᠠᠷ ᠤᠨ ᠠᠰᠢᠭᠲᠠᠢ ᠭᠠᠷᠴᠤ ᠪᠠᠶᠢᠭᠰᠠᠨ ᠪᠣᠯ 2018 ᠣᠨ ᠳᠤ ᠡᠮᠦᠨᠡᠬᠢ ᠣᠨ ᠠᠴᠠ 726.5 (39.0%) ᠰᠠᠶ᠎ᠠ ᠳ᠋ᠣᠯᠯᠠᠷ ᠢᠶᠠᠷ ᠪᠠᠭᠤᠷᠠᠵᠤ ᠂ 1.1 ᠲᠡᠷᠪᠤᠮ ᠳ᠋ᠣᠯᠯᠠᠷ ᠪᠣᠯᠵᠠᠢ ᠃ ᠡᠺᠰᠫᠣᠷᠲ 2018 ᠣᠨ ᠳᠤ ᠡᠮᠦᠨᠡᠬᠢ ᠣᠨ ᠠᠴᠠ811.2 ᠰᠠᠶ᠎ᠠ ᠳ᠋ᠣᠯᠯᠠᠷ ᠢᠶᠠᠷ ᠥᠰᠬᠦ ᠳᠦ ᠡᠷᠦᠳᠡᠰᠦ ᠪᠦᠲᠦᠭᠡᠭᠳᠡᠬᠦᠨ ᠦ ᠡᠺᠰᠫᠣᠷᠲ 1.1 ᠲᠡᠷᠪᠤᠮ ᠳ᠋ᠣᠯᠯᠠᠷ᠂ ᠨᠡᠬᠡᠮᠡᠯ ᠪᠦᠲᠦᠭᠡᠭᠳᠡᠬᠦᠨ ᠦ ᠡᠺᠰᠫᠣᠷᠲ 74.3 ᠰᠠᠶ᠎ᠠ ᠳ᠋ᠣᠯᠯᠠᠷ ᠢᠶᠠᠷ ᠥᠰᠦᠭᠰᠡᠨ ᠨᠢ ᠭᠣᠣᠯᠯᠠᠨ ᠨᠥᠯᠦᠭᠡᠯᠡᠵᠡᠢ᠃ ᠬᠠᠷᠢᠨ ᠢᠮᠫᠣᠷᠲ ᠡᠮᠦᠨᠡᠬᠢ ᠣᠨ ᠠᠴᠠ1.5 ᠲᠡᠷᠪᠤᠮ ᠳ᠋ᠣᠯᠯᠠᠷ ᠢᠶᠠᠷ ᠥᠰᠬᠦ ᠳᠦ ᠡᠷᠦᠳᠡᠰᠦ ᠪᠦᠲᠦᠭᠡᠭᠳᠡᠬᠦᠨ ᠦ ᠢᠮᠫᠣᠷᠲ 339.9 ᠰᠠᠶ᠎ᠠ ᠳ᠋ᠣᠯᠯᠠᠷ᠂ ᠡᠭᠦᠨ ᠡᠴᠡ ᠳ᠋ᠢᠽᠧᠯ ᠦᠨ ᠲᠦᠯᠡᠰᠢ 148.8 ᠰᠠᠶ᠎ᠠ ᠳ᠋ᠣᠯᠯᠠᠷ᠂ ᠮᠠᠰᠢᠨ᠂ ᠮᠧᠬᠠᠨᠢᠭ ᠲᠥᠬᠥᠭᠡᠷᠦᠮᠵᠢ᠂ ᠴᠠᠬᠢᠯᠭᠠᠨ ᠬᠡᠷᠡᠭᠰᠡᠯ᠂ ᠲᠡᠳᠡᠭᠡᠷ ᠦᠨ ᠰᠡᠯᠪᠢᠭ᠂ ᠡᠳ᠋ ᠠᠩᠭᠢ 363.2 ᠰᠠᠶ᠎ᠠ ᠳ᠋ᠣᠯᠯᠠᠷ ᠢᠶᠠᠷ᠂ ᠲᠡᠭᠡᠭᠡᠪᠦᠷᠢ ᠶᠢᠨ ᠬᠡᠷᠡᠭᠰᠡᠯ᠂ ᠲᠡᠳᠡᠭᠡᠷ ᠦᠨ ᠡᠳ᠋ ᠠᠩᠭᠢ 274.1 ᠰᠠᠶ᠎ᠠ ᠳ᠋ᠣᠯᠯᠠᠷ ᠢᠶᠠᠷ᠂ ᠦᠨᠳᠦᠰᠦᠨ ᠲᠡᠮᠦᠷᠯᠢᠭ᠂  ᠲᠡᠭᠦᠨ ᠢᠶᠡᠷ ᠬᠢᠭᠰᠡᠨ ᠪᠦᠲᠦᠭᠡᠭᠳᠡᠬᠦᠨ ᠦ ᠢᠮᠫᠣᠷᠲ 206.5 ᠰᠠᠶ᠎ᠠ ᠳ᠋ᠣᠯᠯᠠᠷ ᠢᠶᠠᠷ ᠥᠰᠦᠭᠰᠡᠨ ᠨᠢ ᠭᠣᠣᠯᠯᠠᠨ ᠨᠥᠯᠦᠭᠡᠯᠡᠵᠡᠢ ᠃ ᠡᠷᠦᠳᠡᠰᠦ ᠪᠦᠲᠦᠭᠡᠭᠳᠡᠬᠦᠨ᠂ ᠨᠡᠬᠡᠮᠡᠯ ᠪᠦᠲᠦᠭᠡᠭᠳᠡᠬᠦᠨ᠂ ᠦᠨᠡᠲᠦ᠂ ᠬᠠᠭᠠᠰ ᠦᠨᠡᠲᠦ ᠴᠢᠯᠠᠭᠤ᠂ ᠮᠧᠲ᠋ᠠᠯ ᠭᠤᠶᠤᠯᠠᠯ ᠤᠨ ᠵᠦᠢᠯᠡᠰ ᠦᠨ ᠡᠺᠰᠫᠣᠷᠲ ᠨᠡᠶᠢᠲᠡ ᠡᠺᠰᠫᠣᠷᠲ ᠤᠨ 94.5 ᠬᠤᠪᠢ  ᠶᠢ ᠡᠵᠡᠯᠡᠵᠦ ᠪᠠᠶᠢᠭ᠎ᠠ ᠪᠣᠯ ᠢᠮᠫᠣᠷᠲ ᠤᠨ 67.2 ᠬᠤᠪᠢ ᠶᠢ ᠡᠷᠦᠳᠡᠰᠦ ᠪᠦᠲᠦᠭᠡᠭᠳᠡᠬᠦᠨ᠂ ᠮᠠᠰᠢᠨ ᠮᠧᠬᠠᠨᠢᠭ ᠲᠥᠬᠥᠭᠡᠷᠦᠮᠵᠢ᠂ ᠴᠠᠬᠢᠯᠭᠠᠨ ᠬᠡᠷᠡᠭᠰᠡᠯ᠂ ᠲᠡᠭᠡᠭᠡᠪᠦᠷᠢ ᠶᠢᠨ ᠬᠡᠷᠡᠭᠰᠡᠯ᠂ ᠲᠡᠳᠡᠭᠡᠷ ᠦᠨ ᠡᠳ᠋ ᠠᠩᠭᠢ ᠪᠣᠯᠤᠨ ᠬᠦᠨᠡᠰᠦᠨ ᠦ ᠪᠡᠯᠡᠨ ᠪᠦᠲᠦᠭᠡᠭᠳᠡᠬᠦᠨ ᠦ ᠢᠮᠫᠣᠷᠲ ᠡᠵᠡᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ