ᠴᠠᠭᠠᠨ ᠰᠠᠷ᠎ᠠ ᠪᠠ ᠴᠠᠯᠢᠩ ᠲᠡᠳᠭᠦᠪᠤᠷᠢ ᠶᠢᠨ ᠵᠢᠭᠡᠯᠡ | News.MN

ᠴᠠᠭᠠᠨ ᠰᠠᠷ᠎ᠠ ᠪᠠ ᠴᠠᠯᠢᠩ ᠲᠡᠳᠭᠦᠪᠤᠷᠢ ᠶᠢᠨ ᠵᠢᠭᠡᠯᠡ

ᠠᠷᠪᠠᠨ ᠭᠤᠷᠪᠠᠳᠤᠭᠠᠷ ᠵᠠᠭᠤᠨ ᠡᠵᠡᠨ ᠴᠢᠩᠭᠢᠰ ᠬᠠᠭᠠᠨ ᠤ ᠦᠶ᠎ᠡ ᠡᠴᠡ ᠡᠪᠦᠯ ᠢ ᠦᠩ ᠲᠡᠢ ᠳᠠᠪᠠᠵᠤ ᠤᠷᠢᠨ ᠴᠠᠭ ᠢᠷᠡᠭᠰᠡᠨ ᠢ  ᠪᠡᠯᠭᠡᠰᠢᠶᠡᠨ ᠬᠠᠪᠤᠷ ᠤᠨ ᠲᠡᠷᠢᠭᠦᠨ ᠰᠠᠷ᠎ᠠ ᠶᠢᠨ ᠰᠢᠨ᠎ᠡ ᠶᠢᠨ ᠨᠢᠭᠡᠨ ᠦ ᠡᠳᠦᠷ ︽ᠴᠠᠭᠠᠨ ᠰᠠᠷ᠎ᠠ︾ ᠬᠡᠮᠡᠬᠦ ᠪᠠᠶᠠᠷ ᠢ ᠲᠡᠮᠳᠡᠭᠯᠡᠳᠡᠭ ᠪᠣᠯᠤᠭᠰᠠᠨ ᠪᠢᠯᠡ᠃ ᠮᠣᠩᠭᠣᠯᠴᠤᠳ ᠴᠠᠭᠠᠨ ᠰᠠᠷ᠎ᠠ ᠳᠤ ᠣᠯᠠᠨ ᠬᠣᠨᠣᠭ ᠤᠨ ᠡᠮᠦᠨ᠎ᠡ ᠡᠴᠡ ᠪᠡᠯᠡᠳᠴᠦ᠂ ᠮᠠᠯ ᠤᠨ ᠬᠠᠰᠢᠶ᠎ᠠ ᠬᠣᠷᠣᠭ᠎ᠠ ᠪᠠᠨ ᠴᠡᠪᠡᠷᠯᠡᠨ᠂ ᠵᠠᠰᠠᠪᠤᠷᠢᠯᠠᠨ᠎ᠠ᠃ ᠭᠡᠷ ᠦᠨ ᠭᠠᠳᠠᠨ᠎ᠠ ᠳᠣᠲᠣᠷ᠎ᠠ ᠦᠭᠡᠢ ᠲᠣᠭᠣᠰᠣ ᠰᠢᠷᠣᠢ  ᠪᠠᠨ ᠭᠥᠪᠢᠵᠦ᠂ ᠰᠢᠨ᠎ᠡ ᠰᠠᠷ᠎ᠠ ᠳᠤ ᠪᠠᠨ ᠭᠬᠢᠷ ᠪᠤᠷᠲᠠᠭ ᠦᠭᠡᠢ᠂  ᠦᠷᠢ ᠰᠢᠷᠢ ᠦᠭᠡᠢ᠂ ᠠᠷᠢᠭᠤᠨ ᠲᠤᠩᠭᠠᠯᠠᠭ ᠪᠦᠬᠦᠨ ᠢ ᠪᠡᠯᠭᠡᠰᠢᠶᠡᠨ ᠰᠢᠨᠡᠯᠡᠳᠡᠭ ᠰᠠᠶᠢᠬᠠᠨ ᠤᠯᠠᠮᠵᠢᠯᠠᠯ ᠲᠠᠢ᠃  ᠶᠡᠷᠦ ᠡᠴᠡ ᠪᠡᠨ ᠡᠨᠡ ᠪᠠᠶᠠᠷ ᠤᠨ ᠤᠳᠬ᠎ᠠ ᠤᠴᠢᠷ ᠨᠢ ᠯᠠ ᠤᠳᠠᠭᠠᠨ ᠠᠭᠤᠯᠵᠠᠭ᠎ᠠ ᠦᠭᠡᠢ ᠲᠥᠷᠥᠯ ᠰᠠᠳᠤᠨ ᠲᠠᠢ ᠪᠠᠨ ᠤᠴᠠᠷᠠᠨ ᠵᠣᠯᠭᠠᠵᠤ᠂ ᠮᠠᠭᠤ ᠮᠠᠭᠤᠬᠠᠢ ᠶᠢ ᠡᠴᠦᠰ ᠪᠣᠯᠭᠠᠨ᠂ ᠰᠠᠶᠢᠬᠠᠨ ᠪᠦᠬᠦᠨ ᠦ ᠲᠥᠯᠥᠭᠡ ᠥᠩᠭᠡᠷᠡᠭᠰᠡᠨ ᠢ ᠮᠠᠷᠲᠠᠵᠤ ᠮᠠᠷᠭᠠᠰᠢ ᠶᠢᠨ ᠰᠢᠨ᠎ᠡ ᠠᠮᠢᠳᠤᠷᠠᠯ ᠢ ᠥᠭᠡᠳᠡᠷᠡᠭ ᠢᠶᠡᠷ ᠤᠭᠲᠤᠬᠤ ᠶᠤᠮ ᠰᠢᠦ ᠳ᠋ᠡ᠃ ᠬᠠᠷᠠᠮᠰᠠᠯᠲᠠᠢ ᠨᠢ ᠥᠨᠥ ᠦᠶ᠎ᠡ ᠳᠦ ᠲᠡᠷᠡ ᠰᠠᠶᠢᠬᠠᠨ ᠤᠯᠠᠮᠵᠢᠯᠠᠯ᠂ ᠰᠢᠷᠡᠭᠡᠨ ᠳᠦ ᠵᠠᠰᠠᠭᠰᠠᠨ ᠢᠳᠡᠭᠡ᠂ ᠬᠦᠨᠳᠦ ᠥᠭᠬᠦ ᠪᠡᠯᠡᠭ ᠰᠡᠯᠲᠡ᠂ ᠲᠠᠮᠠᠬᠢᠯᠠᠬᠤ  ᠬᠦᠬᠦᠷ ᠢᠶᠡᠷ ᠢᠶᠡᠨ ᠥᠷᠢᠰᠥᠯᠳᠥᠬᠦ ᠥᠷᠢᠰᠦᠯᠳᠦᠭᠡᠨ ᠪᠣᠯᠵᠤ᠂  ᠵᠤᠲᠠᠷᠠᠭᠤᠬᠠᠨ ᠠᠮᠢᠳᠤᠷᠠᠯ ᠲᠠᠢ ᠠᠶᠢᠯ ᠤᠳ ᠲᠦ ᠳᠠᠷᠤᠮᠲᠠ ᠤᠴᠠᠷᠠᠭᠤᠯᠵᠤ ᠪᠠᠶᠢᠨ᠎ᠠ᠃

ᠡᠵᠡᠨ ᠴᠢᠩᠭᠢᠰ ᠬᠠᠭᠠᠨ ᠨᠢᠭᠡᠨᠲᠡ᠄ ︽ᠡᠮᠡᠭᠡᠯ ᠬᠦᠨᠳᠦᠳᠡᠪᠡᠰᠦ ᠲᠣᠬᠣᠭᠰᠠᠨ ᠮᠣᠷᠢᠨ ᠳᠤ ᠳᠠᠷᠤᠰᠢ ᠪᠣᠯᠤᠨ᠎ᠠ ᠂
ᠡᠷᠬᠢᠮ ᠬᠡᠲᠦᠷᠡᠪᠡᠰᠦ ᠬᠥᠮᠥᠨ ᠦ ᠰᠡᠳᠬᠢᠯ ᠳᠦ ᠣᠰᠣᠯ ᠪᠣᠯᠤᠨ᠎ᠠ ᠂ ᠶᠠᠩᠵᠤ ᠬᠡᠲᠦᠷᠡᠪᠡᠰᠦ ᠶᠠᠳᠠᠭᠤ ᠳᠣᠣᠷᠠᠳᠤᠰ ᠲᠤ ᠵᠦᠳᠡᠭᠦᠷᠢ ᠪᠣᠯᠤᠨ᠎ᠠ ᠂ ᠬᠣᠵᠢᠮ ᠤᠨ ᠦᠷ᠎ᠡ ᠰᠠᠳᠤ ᠡᠷᠬᠢᠮ ᠳᠦ ᠪᠡᠨ ᠡᠷᠡᠮᠰᠢᠨ᠂ ᠣᠰᠣᠯ ᠴᠠᠯᠠᠭᠠᠢ ᠪᠤᠯᠤᠮᠤᠢ ᠂ ᠲᠡᠶᠢᠮᠦ ᠡᠴᠡ ᠡᠩ ᠦᠨ ᠳᠠᠷᠤᠤ ᠪᠣᠯᠭ᠎ᠠ︾ ᠬᠡᠮᠡᠨ ᠠᠶᠢᠯᠠᠳᠤᠭᠰᠠᠨ ᠪᠠᠶᠢᠳᠠᠭ᠃ ᠴᠠᠭᠠᠨ ᠰᠠᠷ᠎ᠠ ᠳᠤ ᠵᠣᠷᠢᠭᠤᠯᠤᠨ ᠢᠷᠭᠡᠳ ᠬᠡᠴᠢᠨᠡᠨ ᠲᠥᠭᠥᠷᠢᠭ ᠵᠠᠷᠤᠳᠠᠭ ᠪᠣᠯᠬᠤ ᠶᠢ ᠰᠲ᠋ᠠᠲ᠋ᠢᠰᠲ᠋ᠢᠺ ︵ᠲᠤᠭ᠎ᠠ ᠪᠦᠷᠢᠳᠭᠡᠯ︶ ᠤᠨ ᠦᠨᠳᠦᠰᠦᠨ ᠦ ᠬᠣᠷᠢᠶᠠᠨ ᠠᠴᠠ ᠭᠠᠷᠭᠠᠭᠰᠠᠨ ᠲᠣᠭᠠᠴᠠᠭᠠᠯᠠᠯ ᠢᠶᠠᠷ ᠨᠢᠭᠡ ᠡᠷᠦᠬᠡ ᠳᠤᠮᠳᠠᠴᠢ ᠪᠠᠷ ᠵᠥᠪᠬᠡᠨ ᠢᠳᠡᠭᠡᠨ ᠦ ᠵᠠᠷᠤᠳᠠᠯ ᠳᠤ 696.1ᠮᠢᠩᠭ᠎ᠠ ︵ᠤᠶᠢᠷᠠᠯᠴᠠᠭ᠎ᠠ ᠪᠠᠷ 1800 ᠶᠤᠸᠠᠨ︶᠂ ᠭᠠᠷ ᠤᠨ ᠪᠡᠯᠡᠭ ᠲᠦ 780ᠮᠢᠩᠭ᠎ᠠ ︵ᠤᠶᠢᠷᠠᠯᠴᠠᠭ᠎ᠠ ᠪᠠᠷ 2000 ᠶᠤᠸᠠᠨ︶ ᠨᠡᠶᠢᠲᠡ ᠳᠦ ᠪᠡᠨ 1.5 ᠰᠠᠶ᠎ᠠ ᠲᠦᠭᠦᠷᠢᠭ ︵ᠤᠶᠢᠷᠠᠯᠴᠠᠭ᠎ᠠ ᠪᠠᠷ 3900 ᠶᠤᠸᠠᠨ︶ ᠦᠨ ᠵᠠᠷᠤᠳᠠᠯ ᠭᠠᠷᠭᠠᠳᠠᠭ ᠠᠵᠠᠢ᠃ ᠭᠡᠲᠡᠯ᠎ᠡ 2018 ᠣᠨ ᠤ ᠭᠤᠷᠪᠠᠳᠤᠭᠠᠷ ᠤᠯᠠᠷᠢᠯ ᠤᠨ ᠪᠠᠶᠢᠳᠠᠯ ᠢᠶᠠᠷ ᠨᠢᠭᠡ ᠡᠷᠦᠬᠡ ᠶᠢᠨ ᠳᠤᠮᠳᠠᠴᠢ ᠣᠷᠣᠯᠭ᠎ᠠ ᠰᠠᠷ᠎ᠠ ᠳᠤ 1.168.532 ᠲᠥᠭᠥᠷᠢᠭ ︵ᠤᠶᠢᠷᠠᠯᠴᠠᠭ᠎ᠠ ᠪᠠᠷ 3000 ᠶᠤᠸᠠᠨ︶᠂ ᠰᠠᠷ᠎ᠠ ᠳᠤ 500 ᠮᠢᠩᠭ᠎ᠠ ︵ᠤᠶᠢᠷᠠᠯᠴᠠᠭ᠎ᠠ ᠪᠠᠷ1282 ᠶᠤᠸᠠᠨ︶ ᠪᠠ ᠲᠡᠭᠦᠨ ᠡᠴᠡ ᠳᠣᠭᠣᠭᠰᠢ ᠴᠠᠯᠢᠩ ᠲᠠᠢ ᠢᠷᠭᠡᠳ ᠨᠡᠶᠢᠲᠡ ᠠᠵᠢᠯᠴᠢᠳ ︵ᠬᠤᠲᠠ ᠰᠠᠭᠤᠷᠢᠨ ᠳᠤ ᠠᠮᠢᠳᠤᠷᠠᠳᠠᠭ ᠬᠦᠮᠦᠰ︶ ᠤᠨ 63.5 ᠬᠤᠪᠢ ᠶᠢ ᠡᠵᠡᠯᠡᠳᠡᠭ᠃ ᠲᠡᠳᠬᠦᠪᠦᠷᠢ ᠶᠢᠨ ᠳᠤᠮᠳᠠᠴᠢ 342.8 ᠮᠢᠩᠭ᠎ᠠ ︵ᠤᠶᠢᠷᠠᠯᠴᠠᠭ᠎ᠠ ᠪᠠᠷ 880 ᠶᠤᠸᠠᠨ︶ ᠪᠠᠶᠢᠳᠠᠭ ᠪᠠᠶᠢᠨ᠎ᠠ᠃ ᠡᠨᠡ ᠨᠢ ᠬᠦᠮᠦᠨ ᠠᠮᠠ ᠶᠢᠨ ᠲᠠᠯ᠎ᠠ ᠠᠴᠠ ᠢᠯᠡᠭᠦᠦ ᠬᠤᠪᠢ ᠰᠠᠷ᠎ᠠ ᠶᠢᠨ ᠣᠷᠣᠯᠭ᠎ᠠ ᠠᠴᠠ ᠪᠠᠨ ᠳᠠᠪᠠᠭᠰᠠᠨ ᠥᠷᠲᠡᠭ ᠢ ᠳᠣᠯᠣᠭ᠎ᠠ ᠬᠣᠨᠣᠭ ᠲᠡᠮᠳᠡᠭᠯᠡᠳᠡᠭ ᠪᠠᠶᠠᠷ ᠲᠤ ᠵᠠᠷᠤᠴᠠᠭᠤᠯᠬᠤ ᠱᠠᠭᠠᠷᠳᠠᠯᠭ᠎ᠠ ᠲᠠᠢ ᠲᠤᠯᠭᠠᠷᠠᠳᠠᠭ ᠭᠡᠰᠡᠨ ᠦᠭᠡ᠃ ᠲᠡᠳᠡ ᠡᠨᠡ ᠠᠰᠠᠭᠤᠳᠠᠯ ᠢᠶᠠᠨ ᠬᠡᠷᠬᠢᠨ ᠰᠢᠢᠳᠪᠦᠷᠢᠯᠡᠳᠡᠭ ᠪᠣᠯ︖ ᠭᠣᠣᠯ ᠭᠠᠷᠴᠠ ᠨᠢ ᠴᠠᠯᠢᠩ ᠲᠡᠳᠬᠦᠪᠦᠷᠢ ᠶᠢᠨ ᠵᠢᠭᠡᠯᠡᠯᠭᠡ᠃
ᠪᠠᠩᠬᠢᠨ ᠳᠣᠲᠣᠷ᠎ᠠ ᠠᠷᠤ ᠠᠷᠤ ᠠᠴᠠ ᠪᠠᠨ ᠡᠩᠨᠡᠨ ᠵᠣᠭᠰᠣᠬᠤ ᠤᠷᠲᠤ ᠳᠠᠷᠠᠭᠠᠯᠠᠯ ᠤᠨ ᠶᠡᠬᠡᠩᠬᠢ ᠨᠢ  ᠬᠦᠭᠰᠢᠴᠦᠦᠯ ᠪᠠᠶᠢᠬᠤ ᠶᠤᠮ᠃ ᠲᠡᠳᠡᠨ ᠡᠴᠡ ᠴᠤᠬᠤᠮ ᠶᠠᠭᠤᠨ ᠳᠤ ᠳ᠋ᠤᠭᠠᠷᠯᠠᠵᠤ ᠪᠠᠶᠢᠭ᠎ᠠ ᠶᠢ ᠠᠰᠠᠭᠤᠬᠤ ᠳᠤ᠂ ᠴᠠᠭᠠᠨ ᠰᠠᠷ᠎ᠠ ᠳᠥᠬᠥᠭᠡᠳ ᠲᠡᠳᠬᠦᠪᠦᠷᠢ ᠶᠢᠨ ᠵᠢᠭᠡᠯᠡᠯᠭᠡ ᠠᠪᠬᠤ ᠪᠠᠷ ᠪᠠᠩᠬᠢᠨ ᠤ ᠪᠦᠭᠴᠢᠮ ᠲᠠᠰᠤᠯᠭᠠᠨ ᠳᠤ ᠰᠠᠭᠤᠬᠤ ᠴᠤ ᠰᠠᠨᠳᠠᠯᠢ ᠦᠭᠡᠢ ᠵᠣᠭᠰᠣᠭ᠎ᠠ ᠪᠠᠷ ᠢᠶᠠᠨ ᠡᠭᠡᠯᠵᠢ ᠪᠡᠨ ᠬᠦᠯᠢᠶᠡᠨ ᠪᠤᠢ ᠠᠵᠠᠢ᠃ ᠲᠡᠳᠡ ᠪᠠᠭ᠎ᠠ ᠳᠤ ᠪᠠᠨ ᠯᠠ 800ᠮᠢᠩᠭ᠎ᠠ᠂ ᠬᠠᠮᠤᠭ ᠤᠨ ᠶᠡᠬᠡ ᠳᠦ ᠪᠡᠨ ᠰᠠᠶ᠎ᠠ 200ᠮᠢᠩᠭ᠎ᠠ ᠬᠦᠷᠲᠡᠯ᠎ᠡ ᠵᠢᠭᠡᠯᠡᠯᠭᠡ ᠠᠪᠬᠤ ᠬᠦᠰᠡᠯᠲᠡ ᠪᠦᠬᠦᠢ ᠬᠦᠰᠦᠨᠦᠭᠲᠦ ᠪᠠᠷᠢᠨ ᠵᠣᠭᠰᠣᠨ᠎ᠠ᠃ ᠦᠨᠳᠦᠰᠦᠨ ᠦ ᠰᠠᠶᠢᠬᠠᠨ ᠪᠠᠶᠠᠷ ᠢᠶᠠᠷ ᠢᠶᠠᠨ ᠪᠠᠩᠬᠢᠨ ᠤ ᠬᠠᠮᠢᠶᠠᠷᠤᠯ ᠲᠠᠢ ᠪᠣᠯᠤᠭᠠᠳ᠂ ᠰᠢᠨ᠎ᠡ ᠰᠠᠷ᠎ᠠ ᠳᠤ ᠪᠠᠨ ᠥᠷᠢᠨ ᠳᠦ ᠪᠠᠷᠢᠭᠳᠠᠵᠤ᠂ ᠥᠲᠦᠨ ᠳᠦ ᠢᠳᠡᠭᠳᠡᠭᠰᠡᠨ᠂ ᠪᠠᠶᠢᠳᠠᠯ ᠲᠠᠢ ᠤᠷᠤᠬᠤ ᠭᠡᠵᠦ ᠦᠦ︖ ᠵᠢᠯ ᠳᠦ ᠭᠠᠭᠴᠠ ᠲᠣᠬᠢᠶᠠᠬᠤ ᠡᠳᠡᠭᠡᠷ ᠡᠳᠦᠷ ᠦᠳ ᠲᠦ ᠴᠠᠭ ᠬᠤᠭᠤᠴᠠᠭ᠎ᠠ ᠶᠠᠷᠢᠶ᠎ᠠ ᠬᠥᠭᠡᠷᠦᠭᠡ ᠪᠡᠯᠡᠭᠯᠡᠵᠦ᠂ ᠰᠠᠨᠠᠭ᠎ᠠ ᠠᠮᠤᠷ ᠪᠠᠶᠢᠭ᠎ᠠ ᠪᠠᠷ ᠢᠶᠠᠨ ᠯᠠ ᠪᠠᠶᠠᠷᠯᠠᠵᠤ ᠰᠤᠷᠴᠠᠭᠠᠶ᠎ᠠ᠃
ᠪ • ᠴᠡᠩᠳᠤᠰᠠᠶᠢᠬᠠᠨ

ᠰᠡᠳᠬᠢᠭᠳᠡᠯ ᠦᠯᠡᠳᠡᠭᠡᠬᠦ