ᠭᠤᠷᠪᠠᠨ ᠲᠦᠮᠡᠨ ᠲᠡᠮᠡᠭᠡᠨ ᠦ ᠪᠠᠶᠠᠷ ᠪᠣᠯᠤᠯ᠎ᠠ | News.MN

ᠭᠤᠷᠪᠠᠨ ᠲᠦᠮᠡᠨ ᠲᠡᠮᠡᠭᠡᠨ ᠦ ᠪᠠᠶᠠᠷ ᠪᠣᠯᠤᠯ᠎ᠠ

ᠡᠮᠦᠨᠡᠭᠣᠪᠢ ᠠᠶᠢᠮᠠᠭ ᠤᠨ ᠬᠠᠨᠪᠣᠭᠳᠠ ᠰᠤᠮᠤ ᠥᠴᠥᠭᠡᠳᠦᠷ ᠭᠤᠷᠪᠠᠨ ᠲᠦᠮᠡᠨ ᠲᠡᠮᠡᠭᠡᠨ ᠦ ᠪᠠᠶᠠᠷ ᠬᠢᠯ᠎ᠡ᠃ ᠮᠣᠩᠭᠣᠯ ᠤᠯᠤᠰ ᠳᠡᠯᠡᠬᠡᠢ ᠶᠢᠨ ᠬᠡᠮᠵᠢᠶᠡᠨ ᠳᠦ ᠬᠣᠶᠠᠷ ᠪᠦᠬᠦᠲᠦ ᠲᠡᠮᠡᠭᠡ ᠪᠡᠷ ᠢᠶᠡᠨ ᠲᠡᠷᠢᠭᠦᠯᠡᠳᠡᠭ ᠪᠣᠯ ᠮᠣᠩᠭᠣᠯ ᠳᠤ ᠪᠠᠨ ᠡᠮᠦᠨᠡᠭᠣᠪᠢ ᠠᠶᠢᠮᠠᠭ ᠲᠡᠷᠢᠭᠦᠯᠡᠳᠡᠭ᠃ 2018 ᠣᠨ ᠤ ᠵᠢᠯ ᠦᠨ ᠡᠴᠦᠰ ᠲᠦ 152281 ᠲᠡᠮᠡᠭᠡ ᠲᠣᠭᠠᠯᠠᠭᠤᠯᠤᠭᠰᠠᠨ ᠠᠴᠠ ᠬᠠᠨᠪᠣᠭᠳᠠ ᠰᠤᠮᠤ ᠬᠠᠮᠤᠭ ᠤᠨ ᠣᠯᠠᠨ ᠲᠡᠮᠡᠭᠡ ᠪᠤᠶᠤ 30431 ᠲᠣᠯᠣᠭᠠᠢ  ᠲᠡᠮᠡᠭᠡ ᠲᠣᠭᠠᠯᠠᠭᠤᠯᠤᠭᠰᠠᠨ ᠲᠡᠳᠦᠢ ᠦᠭᠡᠢ ᠤᠯᠤᠰ ᠤᠨ ᠬᠡᠮᠵᠢᠶᠡᠨ ᠳᠦ ᠬᠠᠮᠤᠭ ᠤᠨ ᠣᠯᠠᠨ ᠲᠡᠮᠡᠭᠡ ᠲᠡᠢ ᠰᠤᠮᠤ ᠶᠤᠮ᠃ ᠲᠤᠰ ᠰᠤᠮᠤ ᠶᠢᠨ ᠬᠢᠨ ᠭᠠᠯᠪᠠ ᠶᠢᠨ ᠤᠯᠠᠭᠠᠨ ᠡᠭᠦᠯᠳᠡᠷ ᠦᠨ ᠲᠡᠮᠡᠭᠡ ᠪᠡᠨ ᠭᠤᠷᠪᠠᠨ ᠲᠦᠮᠡ ᠳᠦ ᠬᠦᠷᠭᠡᠭᠰᠡᠨ ᠪᠠᠶᠠᠷ ᠢᠶᠠᠨ ᠲᠡᠮᠳᠡᠭᠯᠡᠵᠦ᠂ ᠲᠡᠮᠡᠭᠡᠨ ᠦ ᠤᠷᠤᠯᠳᠤᠭᠠᠨ᠂ ᠴᠠᠭᠠᠨ ᠢᠳᠡᠭᠡᠨ ᠦ ᠦᠵᠡᠰᠬᠦᠯᠡᠩ ᠬᠤᠳᠠᠯᠳᠤᠭ᠎ᠠ ᠵᠤᠬᠢᠶᠠᠨ ᠪᠠᠶᠢᠭᠤᠯᠤᠯ᠎ᠠ᠃

ᠮᠥᠨ︽ᠲᠡᠮᠡᠭᠡᠴᠢᠳ ᠳᠠᠭᠤᠯᠠᠵᠤ ᠪᠠᠶᠢᠨ᠎ᠠ︾ ᠳᠠᠭᠤᠤ ᠶᠢᠨ ᠲᠡᠮᠡᠴᠡᠭᠡᠨ ᠢ ᠠᠩᠬ᠎ᠠ ᠤᠳᠠᠭ᠎ᠠ ᠵᠣᠬᠢᠶᠠᠨ ᠪᠠᠶᠢᠭᠤᠯᠵᠤ ᠥᠪᠡᠷᠰᠡᠳ ᠦᠨ ᠮᠠᠯᠯᠠᠵᠤ ᠪᠠᠶᠢᠭ᠎ᠠ ᠲᠡᠮᠡᠭᠡ ᠪᠡᠨ ᠳᠠᠭᠤᠤ ᠪᠠᠷ ᠢᠶᠠᠨ ᠤᠶᠠᠷᠠᠭᠠᠳᠠᠭ ᠲᠡᠮᠡᠭᠡᠴᠢᠳ ᠠᠪᠢᠶᠠᠰ ᠪᠢᠯᠢᠭ ᠢᠶᠡᠷ ᠢᠶᠡᠨ ᠥᠷᠢᠰᠦᠯᠳᠦᠵᠦ ︽ᠦᠯᠡᠮᠵᠢ ᠶᠢᠨ ᠴᠢᠨᠠᠷ︾ ᠨᠡᠷ᠎ᠡ ᠲᠡᠢ ᠰᠤᠶᠤᠯ ᠤᠨ ᠲᠥᠪ ᠢᠶᠡᠨ ᠮᠢᠯᠢᠶᠠᠭᠰᠠᠨ ᠶᠤᠮ᠃ ᠤᠭ ᠪᠠᠶᠠᠷ ᠢ ᠮᠣᠩᠭᠣᠯ ᠤᠯᠤᠰ ᠤᠨ  ᠭᠠᠪᠢᠶᠠᠲᠤ ᠮᠠᠯᠴᠢᠨ᠂ ᠲᠡᠮᠡᠭᠡᠴᠢᠨ ᠳ∙ᠬᠡᠦᠬᠡᠨ ᠦ ᠨᠡᠷᠡᠮᠵᠢᠲᠦ ᠪᠣᠯᠭᠠᠨ ᠵᠣᠬᠢᠶᠠᠨ ᠪᠠᠶᠢᠭᠤᠯᠤᠭᠰᠠᠨ ᠨᠢ ᠣᠨᠴᠠᠯᠢᠭ ᠪᠠᠶᠢᠯ᠎ᠠ᠃ ᠳ∙ᠬᠡᠦᠬᠡᠨ ᠨᠢ ᠮᠣᠩᠭᠣᠯ ᠤᠯᠤᠰ ᠤᠨ ᠭᠠᠪᠢᠶᠠᠲᠤ ᠮᠠᠯᠴᠢᠨ ᠴᠣᠯᠠ ᠬᠦᠷᠲᠡᠭᠰᠡᠨ ᠠᠩᠬᠠᠨ ᠤ ᠲᠡᠮᠡᠭᠡᠴᠢᠨ ᠬᠦᠮᠦᠨ ᠶᠤᠮ᠃

ᠰᠡᠳᠬᠢᠭᠳᠡᠯ ᠦᠯᠡᠳᠡᠭᠡᠬᠦ