19 ᠮᠢᠩᠭ᠎ᠠ ᠭᠠᠷᠤᠢ ᠡᠴᠢᠭᠡ ᠡᠷᠦᠬᠡ ᠲᠣᠯᠣᠭᠠᠶᠢᠯᠠᠨ ᠠᠮᠢᠳᠤᠷᠠᠵᠤ ᠪᠠᠶᠢᠨ᠎ᠠ | News.MN

19 ᠮᠢᠩᠭ᠎ᠠ ᠭᠠᠷᠤᠢ ᠡᠴᠢᠭᠡ ᠡᠷᠦᠬᠡ ᠲᠣᠯᠣᠭᠠᠶᠢᠯᠠᠨ ᠠᠮᠢᠳᠤᠷᠠᠵᠤ ᠪᠠᠶᠢᠨ᠎ᠠ

ᠰᠡᠭᠦᠯ ᠦᠨ ᠵᠢᠯ ᠦᠳ ᠲᠦ ᠭᠡᠷ ᠪᠦᠯᠢ ᠰᠠᠯᠤᠯᠲᠠ ᠨᠡᠮᠡᠭᠳᠡᠵᠦ ᠪᠠᠶᠢᠭ᠎ᠠ ᠮᠡᠳᠡᠭᠡᠯᠡᠯ ᠪᠤᠢ᠃ ᠢᠷᠭᠡᠳ ᠭᠠᠳᠠᠭᠠᠳᠤ ᠳᠤ ᠠᠵᠢᠯᠯᠠᠬᠤ ᠠᠮᠢᠳᠤᠷᠠᠬᠤ ᠪᠣᠯᠤᠭᠰᠠᠨ ᠠᠴᠠ ᠡᠨᠡ ᠪᠦᠬᠦᠨ ᠡᠭᠦᠳᠦᠯᠲᠡᠢ ᠪᠠᠶᠢᠳᠠᠭ᠃ ᠨᠥᠭᠥᠭᠡ ᠲᠠᠯ᠎ᠠ ᠠᠴᠠ ᠪᠠᠨ ᠶᠠᠳᠠᠭᠤᠷᠠᠯ᠂ ᠠᠵᠢᠯ ᠦᠭᠡᠶᠢᠳᠡᠯ᠂ ᠠᠷᠢᠬᠢᠳᠠᠯᠲᠠ ᠠᠴᠠ ᠡᠭᠦᠳᠦᠨ ᠬᠡᠦᠬᠡᠳ ᠥᠨᠥᠴᠢᠷᠡᠬᠦ᠂ ᠡᠷᠦᠬᠡ ᠲᠣᠯᠣᠭᠠᠶᠢᠯᠠᠭᠰᠠᠨ ᠡᠴᠢᠭᠡ ᠡᠬᠡ ᠨᠡᠮᠡᠭᠳᠡᠵᠦ ᠪᠠᠶᠢᠭ᠎ᠠ ᠶᠢ ᠴᠤ ᠠᠯᠪᠠᠨ ᠤ ᠬᠢᠨ ᠲᠠᠶᠢᠯᠪᠤᠷᠢᠯᠠᠳᠠᠭ᠃
ᠥᠩᠭᠡᠷᠡᠭᠰᠡᠨ ᠣᠨ ᠳᠤ ᠡᠳᠡᠭᠡᠷ ᠦᠵᠡᠭᠦᠯᠦᠯᠲᠡ ᠨᠦᠭᠦᠳ ᠪᠠᠭᠤᠷᠠᠭᠰᠠᠨ ᠮᠡᠳᠡᠭᠡᠯᠡᠯ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠭᠠᠷᠭᠠᠭᠰᠠᠨ ᠪᠠᠶᠢᠨ᠎ᠠ᠃ ᠮᠠᠨ ᠤ ᠤᠯᠤᠰ ᠲᠤ 3.1ᠮᠢᠩᠭᠠᠨ ᠪᠦᠲᠦᠨ ᠥᠨᠥᠴᠢᠨ ᠬᠡᠦᠬᠡᠳ᠂ ᠮᠥᠨ ᠡᠷᠦᠬᠡ ᠲᠣᠯᠣᠭᠠᠶᠢᠯᠠᠭᠰᠠᠨ 72 ᠮᠢᠩᠭᠠᠨ ᠡᠬᠡ᠂ 19 ᠮᠢᠩᠭᠠᠨ ᠡᠴᠢᠭᠡ ᠪᠠᠶᠢᠭ᠎ᠠ ᠪᠣᠯ ᠭᠠᠭᠴᠠ ᠪᠡᠶ᠎ᠡ ᠪᠡᠷ ᠢᠶᠡᠨ ᠠᠮᠢᠳᠤᠷᠠᠵᠤ ᠪᠤᠢ ᠥᠨᠳᠥᠷ ᠨᠠᠰᠤᠲᠠᠨ 39.6 ᠮᠢᠩᠭ᠎ᠠ ᠪᠠᠶᠢᠭ᠎ᠠ ᠭᠡᠰᠡᠨ ᠲᠣᠭᠠᠨ ᠮᠡᠳᠡᠭᠡᠯᠡᠯ  ᠪᠠᠶᠢᠨ᠎ᠠ᠃

ᠰᠡᠳᠬᠢᠭᠳᠡᠯ ᠦᠯᠡᠳᠡᠭᠡᠬᠦ