ᠮᠥᠰᠦᠨ ᠰᠤᠷ ᠤᠨ ᠬᠠᠷᠪᠤᠭᠠᠨ ᠤ ᠤᠯᠤᠰ ᠤᠨ ᠠᠪᠤᠷᠭᠤ ᠰᠢᠯᠭᠠᠷᠠᠭᠤᠯᠤᠨ᠎ᠠ | News.MN

ᠮᠥᠰᠦᠨ ᠰᠤᠷ ᠤᠨ ᠬᠠᠷᠪᠤᠭᠠᠨ ᠤ ᠤᠯᠤᠰ ᠤᠨ ᠠᠪᠤᠷᠭᠤ ᠰᠢᠯᠭᠠᠷᠠᠭᠤᠯᠤᠨ᠎ᠠ

ᠮᠣᠩᠭᠣᠯ ᠤᠯᠤᠰ ᠤᠨ ᠥᠨᠴᠥᠭ ᠪᠤᠯᠤᠨ ᠪᠦᠷᠢ ᠡᠴᠡ ᠢᠷᠡᠬᠦ ᠰᠤᠷ ᠬᠠᠷᠪᠤᠭᠠᠴᠢᠳ ᠢᠳᠡᠷ ᠶᠢᠰᠦ ᠶᠢᠨ ᠬᠦᠢᠲᠡᠨ ᠢ ᠦᠯᠦ ᠠᠵᠢᠷᠠᠨ ᠢᠷᠡᠬᠦ ᠰᠠᠷ᠎ᠠ ᠶᠢᠨ 16-17 ᠍ ᠤ ᠡᠳᠦᠷ ᠦᠳ ᠲᠦ ᠪᠣᠭᠳᠠ ᠬᠠᠨ ᠠᠭᠤᠯᠠ ᠶᠢᠨ ᠦᠵᠡᠰᠬᠦᠯᠡᠩᠲᠦ ᠬᠦᠷᠬᠢᠷ᠎ᠡ ᠶᠢᠨ ᠠᠮᠠᠨ ᠳᠤ ᠰᠡᠴᠡ ᠮᠡᠷᠭᠡᠨ ᠢᠶᠡᠨ ᠰᠣᠷᠢᠵᠤ᠂ ᠤᠯᠤᠰ ᠤᠨ ᠠᠪᠤᠷᠭᠤ ᠪᠠᠨ ᠰᠢᠯᠭᠠᠷᠠᠭᠤᠯᠬᠤ ᠭᠡᠵᠦ ᠪᠠᠶᠢᠨ᠎ᠠ᠃ ᠲᠠᠪᠤᠳᠠᠬᠢ ᠵᠢᠯ ᠳᠦ ᠪᠡᠨ ᠪᠣᠯᠬᠤ ᠭᠡᠵᠦ ᠪᠤᠢ ᠡᠨᠡ ᠲᠡᠮᠡᠴᠡᠭᠡᠨ ᠦ ᠭᠣᠣᠯ ᠵᠣᠷᠢᠯᠭ᠎ᠠ ᠨᠢ ᠮᠥᠰᠦᠨ ᠦ ᠰᠤᠷ ᠤᠨ ᠬᠠᠷᠪᠤᠭ᠎ᠠ ᠶᠢ ᠣᠯᠠᠨ ᠨᠡᠶᠢᠲᠡ ᠳᠦ ᠰᠤᠷᠲᠠᠯᠴᠢᠯᠠᠬᠤ᠂ ᠬᠥᠭᠵᠢᠭᠦᠯᠬᠦ᠂ ᠲᠡᠭᠦᠨ ᠦ ᠶᠣᠰᠣ ᠵᠠᠶ᠋ᠢᠭ ᠢ ᠬᠣᠶᠢᠴᠢ ᠦᠶ᠎ᠡ ᠳᠦ ᠪᠡᠨ ᠲᠠᠨᠢᠭᠤᠯᠬᠤ᠂ ᠤᠯᠠᠮᠵᠢᠯᠠᠯ ᠢᠶᠠᠨ ᠰᠡᠷᠭᠦᠭᠡᠬᠦ ᠵᠣᠷᠢᠯᠭ᠎ᠠ ᠲᠠᠢ ᠶᠤᠮ᠃
ᠲᠤᠰ ᠲᠡᠮᠡᠴᠡᠭᠡᠨ ᠪᠠᠭ ᠤᠨ ᠪᠣᠯᠤᠨ ᠴᠤᠪᠤᠭ᠎ᠠ ᠬᠠᠷᠪᠤᠭ᠎ᠠ ᠲᠥᠷᠥᠯ ᠢᠶᠡᠷ ᠶᠠᠪᠤᠭᠳᠠᠬᠤ ᠪᠥᠭᠡᠳ ᠬᠠᠷᠪᠤᠭᠠᠴᠢᠳ ᠡᠪᠡᠷ ᠡᠯᠢᠭᠡ ᠲᠡᠢ ᠰᠢᠷᠪᠦᠰᠦᠨ ᠠᠷᠤ ᠲᠠᠢ ᠨᠤᠮᠤ ᠡᠰᠡᠪᠡᠯ ᠮᠣᠩᠭᠣᠯ ᠳᠤ ᠦᠢᠯᠡᠳᠪᠦᠷᠢᠯᠡᠭᠰᠡᠨ ᠰᠤᠷᠭᠠᠯᠲᠠ ᠶᠢᠨ ᠨᠤᠮᠤ ᠲᠠᠢ ᠣᠷᠣᠯᠴᠠᠨ᠎ᠠ᠃ ᠰᠤᠮᠤ ᠨᠢ 120 ᠭᠷᠠᠮ ᠠᠴᠠ ᠳᠡᠭᠡᠭᠰᠢ ᠮᠣᠳᠣᠨ ᠰᠤᠮᠤ ᠪᠠᠶᠢᠬᠤ ᠪᠠ ᠴᠤᠪᠤᠭ᠎ᠠ ᠬᠠᠷᠪᠤᠭᠠᠨ ᠤ ᠦᠶ᠎ᠡ ᠪᠡᠷ 40 ᠮᠧᠲ᠋ᠷ ᠦᠨ ᠵᠠᠶᠢᠨ ᠠᠴᠠ 20 ᠰᠤᠮᠤ ᠬᠠᠷᠪᠤᠳᠠᠭ ᠪᠣᠯ ᠪᠠᠭ ᠤᠨ ᠬᠠᠷᠪᠤᠭᠠᠨ ᠳᠤ ᠨᠢᠭᠡ ᠪᠠᠭ ᠲᠤ 8 ᠬᠠᠷᠪᠤᠭᠠᠴᠢ ᠣᠷᠣᠯᠴᠠᠨ 40 ᠮᠧᠲ᠋ᠷ᠂ 30 ᠮᠧᠲ᠋ᠷ᠂ 25 ᠮᠧᠲ᠋ᠷ᠂ 20 ᠮᠧᠲ᠋ᠷ ᠦᠨ ᠵᠠᠶᠢᠨ ᠠᠴᠠ ᠬᠠᠷᠪᠤᠨ᠎ᠠ᠃

ᠰᠡᠳᠬᠢᠭᠳᠡᠯ ᠦᠯᠡᠳᠡᠭᠡᠬᠦ