ᠰ∙ᠮᠥᠩᠬᠡᠴᠢᠯᠠᠭᠤᠨ ᠢ ᠬᠣᠲᠠ ᠶᠢᠨ ᠳᠠᠷᠤᠭ᠎ᠠ ᠪᠠᠷ ᠰᠣᠩᠭᠣᠯ᠎ᠠ | News.MN

ᠰ∙ᠮᠥᠩᠬᠡᠴᠢᠯᠠᠭᠤᠨ ᠢ ᠬᠣᠲᠠ ᠶᠢᠨ ᠳᠠᠷᠤᠭ᠎ᠠ ᠪᠠᠷ ᠰᠣᠩᠭᠣᠯ᠎ᠠ

ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠥᠨᠥᠳᠥᠷ ᠡᠭᠡᠯᠵᠢᠲᠦ ᠪᠤᠰᠤ ᠪᠠᠷ ᠬᠤᠷᠠᠯᠳᠤᠵᠤ᠂ ᠨᠡᠶᠢᠰᠯᠡᠯ ᠦᠨ ᠵᠠᠰᠠᠭ ᠳᠠᠷᠤᠭ᠎ᠠ ᠪᠠᠷ ᠰ∙ᠮᠥᠩᠬᠡᠴᠢᠯᠠᠭᠤᠨ ᠢ ᠰᠣᠩᠭᠣᠯ᠎ᠠ ᠃ ᠨᠡᠶᠢᠰᠯᠡᠯ ᠦᠨ ᠵᠠᠰᠠᠭ ᠳᠠᠷᠤᠭ᠎ᠠ ᠳᠤ ᠰ∙ᠠᠮᠤᠷᠰᠠᠶᠢᠬᠠᠨ ᠢ ᠨᠡᠷ᠎ᠡ ᠳᠡᠪᠰᠢᠭᠦᠯᠦᠭᠰᠡᠨ᠃ ᠬᠠᠷᠢᠨ ᠰ∙ᠮᠥᠩᠬᠡᠴᠢᠯᠠᠭᠤᠨ ᠬᠤᠷᠠᠯ ᠤᠨ ᠲᠠᠩᠬᠢᠮ ᠠᠴᠠ ᠨᠡᠷ᠎ᠡ ᠳᠡᠪᠰᠢᠭᠰᠡᠨ ᠶᠤᠮ ᠃ ᠬᠣᠲᠠ ᠶᠢᠨ ᠳᠠᠷᠤᠭ᠎ᠠ ᠶᠢ ᠰᠤᠩᠭᠤᠬᠤ ᠰᠠᠨᠠᠯ ᠬᠤᠷᠢᠶᠠᠯᠲᠠ ᠶᠢ ᠨᠢᠭᠤᠴᠠ ᠪᠠᠷ ᠶᠠᠪᠤᠭᠤᠯᠬᠤ ᠳᠤ ᠬᠤᠷᠠᠯᠳᠤᠭᠠᠨ ᠳᠤ ᠣᠷᠣᠯᠴᠠᠭᠰᠠᠨ 43 ᠲᠥᠯᠥᠭᠡᠯᠡᠭᠴᠢ ᠶᠢᠨ ᠬᠣᠶᠠᠷ ᠨᠡᠷ᠎ᠡ ᠳᠡᠪᠰᠢᠭᠴᠢ  ᠳᠦ ᠥᠭᠭᠦᠭᠰᠡᠨ ᠰᠠᠨᠠᠯ ᠤᠨ ᠲᠣᠭ᠎ᠠ 21᠂ 21 ᠪᠡᠷ ᠲᠡᠩᠴᠡᠭᠰᠡᠨ᠃ ᠤᠴᠢᠷ ᠨᠢ ᠨᠢᠭᠡ ᠲᠥᠯᠥᠭᠡᠯᠡᠭᠴᠢ ᠰᠠᠨᠠᠯ ᠤᠨ ᠬᠠᠭᠤᠳᠠᠰᠤ ᠳᠡᠭᠡᠷ᠎ᠡ ᠪᠤᠷᠤᠭᠤ ᠲᠡᠮᠳᠡᠭᠯᠡᠭᠡ ᠬᠢᠵᠦ᠂ ᠰᠠᠨᠠᠯ ᠤᠨ ᠬᠠᠭᠤᠳᠠᠰᠤ ᠬᠦᠴᠦᠨ ᠦᠭᠡᠢ ᠪᠣᠯᠤᠭᠰᠠᠨ᠃
ᠲᠡᠶᠢᠮᠦ ᠡᠴᠡ ᠳᠠᠬᠢᠨ ᠨᠢᠭᠤᠴᠠ ᠰᠠᠨᠠᠯ ᠬᠤᠷᠢᠶᠠᠯᠲᠠ ᠶᠠᠪᠤᠭᠤᠯᠬᠤ ᠳᠤ ᠬᠤᠷᠠᠯᠳᠤᠭᠠᠨ ᠳᠤ ᠣᠷᠣᠯᠴᠠᠭᠰᠠᠨ 43 ᠲᠥᠯᠥᠭᠡᠯᠡᠭᠴᠢ ᠶᠢᠨ ᠣᠯᠠᠩᠬᠢ ᠪᠤᠶᠤ 24 ᠨᠢ ᠰ∙ᠮᠥᠩᠬᠡᠴᠢᠯᠠᠭᠤᠨ ᠢ ᠳᠡᠮᠵᠢᠵᠦ ᠰᠠᠨᠠᠯ ᠢᠶᠠᠨ ᠥᠭᠭᠦᠯ᠎ᠡ ᠃ ᠥᠭᠡᠷ᠎ᠡ ᠪᠡᠷ ᠬᠡᠯᠡᠪᠡᠯ᠂ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠥᠯᠥᠭᠡᠯᠡᠭᠴᠢᠳ ᠦᠨ 55.8 ᠬᠤᠪᠢ ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠪᠠᠷ ᠰ∙ᠮᠥᠩᠬᠡᠴᠢᠯᠠᠭᠤᠨ ᠢ ᠰᠣᠩᠭᠣᠯ᠎ᠠ᠃ ᠲᠡᠭᠦᠨ ᠢ ᠮᠣᠩᠭᠣᠯ ᠤᠯᠤᠰ ᠤᠨ ᠶᠡᠷᠦᠩᠬᠡᠢ ᠰᠠᠶᠢᠳ ᠪᠠᠲᠤᠯᠠᠬᠤ ᠶᠤᠮ ᠃ ᠰᠠᠨᠠᠯ ᠬᠤᠷᠢᠶᠠᠯᠲᠠ ᠶᠢᠨ ᠳᠠᠷᠠᠭ᠎ᠠ ᠰ∙ᠮᠥᠩᠬᠡᠴᠢᠯᠠᠭᠤᠨ ᠄ᠮᠢᠨᠦ ᠪᠡᠶ᠎ᠡ ︽ᠠᠵᠠ ᠵᠢᠷᠭᠠᠯ ᠲᠠᠢ ᠬᠣᠲᠠ︾ ᠬᠥᠲᠥᠯᠪᠦᠷᠢ ᠶᠢ ᠦᠷᠭᠦᠯᠵᠢᠭᠦᠯᠵᠦ ᠠᠵᠢᠯᠯᠠᠨ᠎ᠠ᠃ ᠦᠯᠡᠳᠡᠭᠰᠡᠨ ᠪᠣᠭᠣᠨᠢ ᠬᠤᠭᠤᠴᠠᠭᠠᠨ ᠳᠤ ᠮᠠᠰᠢ ᠬᠤᠷᠳᠤ ᠲᠠᠢ᠂ ᠣᠯᠠᠭᠤᠯᠠ ᠪᠠᠨ ᠬᠠᠮᠲᠤᠷᠠᠵᠤ ᠠᠵᠢᠯᠯᠠᠬᠤ ᠵᠠᠷᠴᠢᠮ ᠪᠠᠷᠢᠮᠲᠠᠯᠠᠨ᠎ᠠ᠃ ᠬᠠᠯᠠᠭ᠎ᠠ ᠰᠡᠯᠭᠦᠭᠡ ᠬᠢᠬᠦ ᠦᠭᠡᠢ᠂ ᠣᠳᠣ ᠪᠠᠶᠢᠭ᠎ᠠ ᠪᠦᠷᠢᠯᠳᠦᠬᠦᠨ ᠢᠶᠡᠨ ᠴᠢᠳᠠᠪᠬᠢᠵᠢᠭᠤᠯᠵᠤ ᠠᠵᠢᠯᠯᠠᠬᠤ ᠳᠤ ᠠᠩᠬᠠᠷᠤᠨ᠎ᠠ ᠬᠡᠮᠡᠨ ᠮᠡᠳᠡᠭᠡᠯᠡᠯ ᠥᠭᠭᠦᠯ᠎ᠡ᠃

ᠰᠡᠳᠬᠢᠭᠳᠡᠯ ᠦᠯᠡᠳᠡᠭᠡᠬᠦ