︽ᠤᠶᠤᠨᠯᠢᠭ ᠲᠠᠷᠢᠶᠠᠲᠤ︾ ᠬᠥᠲᠥᠯᠪᠦᠷᠢ ᠬᠡᠷᠡᠭᠵᠢᠭᠦᠯᠵᠦ ᠪᠠᠶᠢᠨ᠎ᠠ | News.MN

︽ᠤᠶᠤᠨᠯᠢᠭ ᠲᠠᠷᠢᠶᠠᠲᠤ︾ ᠬᠥᠲᠥᠯᠪᠦᠷᠢ ᠬᠡᠷᠡᠭᠵᠢᠭᠦᠯᠵᠦ ᠪᠠᠶᠢᠨ᠎ᠠ

ᠲᠠᠷᠢᠶᠠᠲᠤ ᠰᠤᠮᠤ ᠨᠢ ︽ᠤᠶᠤᠨᠯᠢᠭ ᠲᠠᠷᠢᠶᠠᠲᠤ︾ ᠳᠡᠳ᠋ ᠬᠥᠲᠥᠯᠪᠦᠷᠢ ᠶᠢ 2018-2021 ᠣᠨ ᠨᠤᠭᠤᠳ ᠲᠤ  ᠬᠡᠷᠡᠭᠵᠢᠭᠦᠯᠬᠦ ᠪᠡᠷ ᠠᠵᠢᠯᠯᠠᠵᠤ ᠪᠤᠢ᠃ ᠬᠥᠲᠥᠯᠪᠦᠷᠢ ᠶᠢᠨ ᠬᠢᠨ ᠰᠤᠷᠭᠠᠭᠤᠯᠢ ᠶᠢᠨ ᠨᠣᠮ ᠤᠨ ᠰᠠᠩ ᠢ ᠣᠷᠣᠨ ᠨᠤᠲᠤᠭ ᠤᠨ ᠬᠥᠭᠵᠢᠯ ᠦᠨ ᠰᠠᠩ ᠤᠨ 20 ᠰᠠᠶ᠎ᠠ ᠲᠥᠭᠥᠷᠢᠭ ᠢᠶᠡᠷ ᠵᠠᠰᠠᠪᠤᠷᠢᠯᠠᠵᠤ᠂ ︽ᠤᠶᠤᠨᠯᠢᠭ ᠢᠷᠡᠭᠡᠳᠦᠢ ︾ ᠨᠣᠮ ᠤᠨ ᠠᠶᠠᠨ ᠥᠷᠨᠢᠭᠦᠯᠵᠦ᠂ 6000 ᠭᠠᠷᠤᠢ ᠰᠢᠨ᠎ᠡ ᠨᠣᠮ ᠢᠶᠠᠷ ᠨᠣᠮ ᠤᠨ ᠹᠣᠨᠳ᠋ ᠢ ᠪᠠᠶᠠᠵᠢᠭᠤᠯᠵᠠᠢ᠃ ᠴᠢᠨᠠᠭᠰᠢᠳᠠ ᠰᠤᠮᠤ ᠶᠢᠨ ᠨᠣᠮ ᠤᠨ ᠰᠠᠩ ᠢ ᠵᠢᠱᠢᠭ ᠪᠣᠯᠭᠠᠨ ᠲᠣᠬᠢᠵᠢᠭᠤᠯᠬᠤ ᠶᠤᠮ ᠪᠠᠶᠢᠨ᠎ᠠ᠃ ᠮᠥᠨ ︽ᠮᠢᠨᠦ ᠨᠣᠮ ᠤᠨ ᠥᠷᠭᠥᠭᠡ︾ ᠍ ᠪᠡᠷ ᠰᠤᠷᠭᠠᠭᠤᠯᠢ ᠶᠢᠨ ᠡᠮᠦᠨᠡᠬᠢ ᠨᠠᠰᠤᠨ ᠤ ᠬᠡᠦᠬᠡᠳ ᠢ ᠨᠣᠮ᠂ ᠲᠣᠭᠯᠠᠭᠠᠮ ᠤᠨ ᠪᠠᠭᠴᠠ ᠪᠠᠷ ᠬᠥᠭᠵᠢᠭᠦᠯᠬᠦ᠂ ᠰᠡᠳᠬᠢᠨ ᠪᠣᠳᠣᠬᠤ ᠲᠣᠭᠯᠠᠭᠠᠮ ᠤᠳ ᠢ ᠨᠥᠭᠡᠴᠡ ᠪᠣᠯᠤᠯᠴᠠᠭ᠎ᠠ ᠪᠠᠷ ᠢᠶᠠᠨ ᠦᠢᠯᠡᠳᠪᠦᠷᠢᠯᠡᠬᠦ᠂ ᠥᠪ ᠰᠤᠶᠤᠯ ᠢᠶᠠᠨ ᠰᠡᠷᠭᠦᠭᠡᠬᠦ᠂ ᠬᠥᠭᠵᠢᠭᠦᠯᠬᠦ ᠲᠥᠷᠥᠯ ᠪᠦᠷᠢ ᠶᠢᠨ ᠦᠢᠯᠡ ᠠᠵᠢᠯᠯᠠᠭ᠎ᠠ ᠶᠢ ᠵᠣᠬᠢᠶᠠᠨ ᠶᠠᠪᠤᠭᠤᠯᠬᠤ ᠵᠡᠷᠭᠡ ᠠᠵᠢᠯ ᠢ ᠬᠢᠬᠦ ᠪᠡᠷ ᠲᠥᠯᠥᠪᠯᠡᠵᠡᠢ᠃
ᠡᠨᠡ ᠬᠥᠲᠥᠯᠪᠦᠷᠢ ᠨᠢ ᠰᠤᠮᠤ ᠶᠢᠨ ᠨᠣᠮ ᠤᠨ ᠰᠠᠩ ᠤᠨ ᠬᠦᠷᠲᠡᠭᠡᠮᠵᠢ ᠶᠢ ᠨᠡᠮᠡᠭᠳᠡᠭᠦᠯᠵᠦ᠂ ᠨᠣᠮ ᠢᠶᠠᠷ ᠳᠠᠮᠵᠢᠭᠤᠯᠤᠨ ᠰᠤᠷᠤᠯᠴᠠᠭᠴᠢ  ᠪᠣᠯᠤᠨ ᠪᠦᠬᠦ ᠨᠡᠶᠢᠲᠡ ᠶᠢ ᠬᠥᠭᠵᠢᠭᠦᠯᠬᠦ᠂ ᠲᠥᠯᠦᠪᠰᠢᠭᠦᠯᠬᠦ᠂ ᠰᠤᠷᠤᠭᠴᠢᠳ᠂ ᠪᠠᠭᠰᠢ᠂ ᠢᠷᠭᠡᠳ ᠦᠨ ᠠᠩᠭᠯᠢ ᠬᠡᠯᠡᠨ ᠦ ᠮᠡᠳᠡᠯᠭᠡ ᠶᠢ ᠰᠠᠶᠢᠵᠢᠷᠠᠭᠤᠯᠬᠤ᠂ ᠰᠤᠷᠤᠭᠴᠢᠳ ᠤᠨ ᠤᠷᠠᠯᠢᠭ᠂ ᠰᠫᠣᠷᠲ ᠤᠨ ᠠᠪᠢᠶᠠᠰ ᠢ ᠨᠡᠭᠡᠭᠡᠨ ᠬᠥᠭᠵᠢᠭᠦᠯᠵᠦ᠂ ᠰᠤᠷᠤᠯᠭ᠎ᠠ ᠶᠢᠨ ᠴᠢᠨᠠᠷ ᠢ ᠰᠠᠶᠢᠵᠢᠷᠠᠭᠤᠯᠵᠤ᠂ ᠰᠣᠩᠭᠣᠨ ᠳᠤᠭᠤᠶᠢᠯᠠᠩ ᠳᠤ ᠬᠠᠮᠤᠷᠤᠭᠤᠯᠤᠨ ᠬᠥᠭᠵᠢᠭᠦᠯᠬᠦ᠂ ᠰᠤᠷᠤᠭᠴᠢᠳ ᠤᠨ ᠰᠡᠳᠬᠢᠨ ᠪᠣᠳᠣᠬᠤ ᠴᠢᠳᠠᠪᠤᠷᠢ ᠪᠣᠯᠤᠨ ᠲᠧᠭᠨᠢᠭ ᠲᠧᠭᠨᠣᠯᠣᠭᠢ ᠶᠢᠨ ᠰᠡᠳᠬᠢᠯᠭᠡ ᠶᠢ ᠬᠥᠭᠵᠢᠭᠦᠯᠬᠦ᠂ ᠦᠨᠳᠦᠰᠦᠨ ᠦ ᠥᠪ ᠰᠤᠶᠤᠯ᠂ ᠪᠠᠶᠢᠭᠠᠯᠢ ᠳᠡᠯᠡᠬᠡᠢ ᠳᠦ ᠪᠡᠨ ᠡᠭᠡᠯᠢᠲᠡᠢ ᠵᠥᠪ  ᠬᠦᠮᠦᠵᠢᠯ ᠲᠠᠢ ᠢᠷᠭᠡᠨ ᠲᠥᠯᠦᠪᠰᠢᠭᠦᠯᠬᠦ ᠵᠣᠷᠢᠯᠲᠠ ᠨᠤᠭᠤᠳ ᠢ ᠳᠡᠪᠰᠢᠭᠦᠯᠵᠡᠢ᠃

ᠰᠡᠳᠬᠢᠭᠳᠡᠯ ᠦᠯᠡᠳᠡᠭᠡᠬᠦ