ᠰ∙ᠡᠷᠳᠡᠨᠢ ᠰᠡᠳᠬᠦᠯᠴᠢᠳ ᠦᠨ ᠠᠰᠠᠭᠤᠯᠲᠠ ᠳᠤ ᠬᠠᠷᠢᠭᠤᠯᠤᠯ᠎ᠠ | News.MN

ᠰ∙ᠡᠷᠳᠡᠨᠢ ᠰᠡᠳᠬᠦᠯᠴᠢᠳ ᠦᠨ ᠠᠰᠠᠭᠤᠯᠲᠠ ᠳᠤ ᠬᠠᠷᠢᠭᠤᠯᠤᠯ᠎ᠠ

᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎   – ᠮᠣᠩᠭᠣᠯ ᠤᠯᠤᠰ ᠤᠨ ᠶᠡᠷᠦᠩᠬᠡᠶᠢᠯᠡᠭᠴᠢ ᠡᠴᠡ ᠡᠷᠭᠦᠨ ᠮᠡᠳᠡᠭᠦᠯᠦᠭᠰᠡᠨ ᠤᠯᠤᠰ ᠤᠨ ᠶᠡᠬᠡ ᠬᠤᠷᠠᠯ ᠤᠨ ᠳᠢᠭ ᠦᠨ ᠲᠤᠬᠠᠢ ᠬᠠᠤᠯᠢ ᠳᠤ ᠥᠭᠡᠷᠡᠴᠢᠯᠡᠯᠲᠡ ᠤᠷᠤᠭᠤᠯᠬᠤ ᠬᠠᠤᠯᠢ ᠶᠢᠨ ᠲᠥᠰᠥᠯ ᠦᠨ ᠲᠠᠯ᠎ᠠ ᠪᠠᠷ ᠲᠠ ᠶᠠᠮᠠᠷ ᠪᠠᠶᠢᠷᠢ ᠰᠠᠭᠤᠷᠢ ᠢᠯᠡᠷᠬᠡᠶᠢᠯᠡᠬᠦ ᠪᠤᠢ︖
-ᠮᠣᠩᠭᠣᠯ ᠤᠯᠤᠰ ᠤᠨ ᠶᠡᠷᠦᠩᠬᠡᠶᠢᠯᠡᠭᠴᠢ ᠡᠴᠡ ᠡᠷᠭᠦᠨ ᠪᠠᠷᠢᠭᠰᠠᠨ ᠬᠠᠤᠯᠢ ᠶᠢᠨ ᠲᠥᠰᠥᠯ ᠦᠨ ᠲᠠᠯ᠎ᠠ ᠪᠠᠷ  ᠠᠷᠠᠳᠴᠢᠯᠠᠭᠰᠠᠨ ᠨᠠᠮ ᠤᠨ ᠪᠦᠯᠦᠭ ᠶᠠᠷᠢᠯᠴᠠᠭ᠎ᠠ ᠦᠭᠡᠢ᠃ ᠪᠢᠳᠡ ᠨᠠᠮ ᠳᠡᠭᠡᠷ᠎ᠡ ᠪᠡᠨ ᠶᠠᠷᠢᠯᠴᠠᠬᠤ ᠶᠣᠰᠣᠲᠠᠢ᠃ ᠡᠭᠦᠨ ᠦ ᠳᠠᠷᠠᠭ᠎ᠠ ᠪᠠᠷ ᠠᠯᠪᠠᠨ ᠶᠣᠰᠣᠨ ᠤ ᠪᠠᠶᠢᠷᠢ ᠰᠠᠭᠤᠷᠢ ᠪᠠᠨ ᠢᠯᠡᠷᠬᠡᠶᠢᠯᠡᠨ᠎ᠡ᠃ ᠬᠡᠨ ᠨᠢᠭᠡᠨ ᠤᠯᠤᠰ ᠤᠨ ᠶᠡᠬᠡ ᠬᠤᠷᠠᠯ ᠤᠨ ᠳᠠᠷᠤᠭ᠎ᠠ ᠲᠠᠢ ᠬᠣᠯᠪᠣᠭᠠᠲᠠᠢ ᠠᠰᠠᠭᠤᠳᠠᠯ ᠪᠢᠰᠢ᠃ 1990 ᠣᠨ ᠳᠤ ᠦᠨᠳᠦᠰᠦᠨ ᠬᠠᠤᠯᠢ ᠶᠢ ᠪᠣᠯᠪᠠᠰᠤᠷᠠᠭᠤᠯᠵᠤ ᠪᠠᠲᠤᠯᠠᠭᠰᠠᠨ ᠬᠦᠮᠦᠰ ᠪᠦᠬᠦ ᠵᠦᠢᠯ ᠢ ᠬᠠᠷᠠᠵᠤ ᠬᠢᠭᠰᠡᠨ ᠪᠠᠶᠢᠭ᠎ᠠ ᠰᠢᠦ ᠳ᠋ᠡ᠃ ᠢᠯᠠᠩᠭᠤᠶ᠎ᠠ ᠪ∙ᠴᠢᠮᠡᠳ ᠭᠤᠸᠠᠢ ᠦᠨᠳᠦᠰᠦᠨ ᠬᠠᠤᠯᠢ ᠶᠢᠨ ᠳᠠᠷᠬᠠᠯᠠᠭ᠎ᠠ ᠶᠢ ᠶᠡᠬᠡ ᠠᠩᠬᠠᠷᠳᠠᠭ᠃ ᠥᠨᠥᠳᠥᠷ ᠦᠨᠳᠦᠰᠦᠨ ᠦ  ᠠᠶᠤᠯᠭᠦᠢ ᠪᠠᠶᠢᠳᠠᠯ ᠤᠨ ᠭᠤᠷᠪᠠᠨ ᠭᠡᠰᠢᠭᠦᠨ ᠤᠯᠤᠰ ᠣᠷᠣᠨ ᠤ ᠪᠣᠳᠣᠯᠭ᠎ᠠ ᠶᠢ ᠲᠣᠳᠣᠷᠬᠠᠶᠢᠯᠠᠳᠠᠭ᠂ ᠦᠨᠳᠦᠰᠦᠨ ᠦ  ᠠᠶᠤᠯᠭᠦᠢ ᠪᠠᠶᠢᠳᠠᠯ ᠤᠨ ᠦᠵᠡᠯ ᠰᠠᠨᠠᠭ᠎ᠠ ᠶᠢ ᠭᠠᠷ ᠲᠤ ᠪᠠᠨ ᠪᠠᠷᠢᠵᠤ ᠪᠠᠶᠢᠳᠠᠭ ᠭᠤᠷᠪᠠᠨ ᠭᠡᠰᠢᠭᠦᠨ ᠦ ᠠᠯᠢ ᠠᠯᠢ ᠨᠢ ᠳᠠᠷᠬᠠᠯᠠᠭ᠎ᠠ ᠲᠠᠢ ᠪᠠᠶᠢᠬᠤ ᠶᠣᠰᠣᠲᠠᠢ᠃ ᠢᠯᠠᠩᠭᠤᠶ᠎ᠠ ᠤᠯᠤᠰ ᠤᠨ ᠶᠡᠬᠡ ᠬᠤᠷᠠᠯ ᠤᠨ ᠳᠠᠷᠤᠭ᠎ᠠ ᠳᠠᠷᠬᠠᠯᠠᠭ᠎ᠠ ᠲᠠᠢ ᠪᠠᠶᠢᠬᠤ ᠶᠣᠰᠣᠲᠠᠢ᠃ ᠲᠡᠭᠡᠬᠦ ᠦᠭᠡᠢ ᠪᠣᠯ ᠵᠠᠰᠠᠭᠯᠠᠯ ᠲᠣᠭᠲᠠᠪᠤᠷᠢ ᠦᠭᠡᠢ ᠭᠡᠳᠡᠭ ᠲᠡᠢ ᠠᠳᠠᠯᠢ ᠫᠠᠷᠯᠠᠮᠧᠨᠲ ᠴᠤ ᠭᠡᠰᠡᠨ ᠲᠣᠭᠲᠠᠪᠤᠷᠢ ᠦᠭᠡᠢ ᠪᠠᠶᠢᠳᠠᠯ ᠤᠷᠤᠭᠤ ᠤᠷᠤᠬᠤ ᠮᠠᠭᠠᠳᠯᠠᠯ ᠲᠠᠢ᠃ ᠲᠡᠶᠢᠮᠦ ᠡᠴᠡ ᠪᠢ ᠭᠡᠰᠢᠭᠦᠳ ᠦᠨ ᠣᠯᠠᠩᠬᠢ ᠪᠠᠷ ᠰᠢᠢᠳᠦᠭᠡᠳ ᠶᠠᠪᠤᠬᠤ ᠨᠢ ᠵᠥᠪ ᠬᠤᠪᠢᠯᠪᠤᠷᠢ ᠭᠡᠵᠦ ᠬᠠᠷᠠᠬᠤ ᠦᠭᠡᠢ ᠪᠠᠶᠢᠨ᠎ᠠ᠃
– ᠡᠨᠡ ᠠᠰᠠᠭᠤᠳᠠᠯ ᠳᠤ ᠲᠠᠨ ᠤ ᠨᠠᠮ ᠬᠡᠵᠢᠶ᠎ᠡ ᠪᠠᠶᠢᠷᠢ ᠰᠠᠭᠤᠷᠢ ᠪᠠᠨ ᠢᠯᠡᠷᠬᠡᠶᠢᠯᠡᠬᠦ ᠪᠤᠢ︖
– ᠪᠢᠳᠡ ᠤᠯᠤᠰ ᠲᠥᠷᠥ ᠶᠢᠨ ᠫᠷᠣᠼᠧᠰᠰ᠂ ᠡᠷᠬᠡ ᠪᠠᠷᠢᠭᠴᠢ ᠬᠦᠴᠦᠨ ᠦ ᠪᠠᠶᠢᠷᠢ ᠰᠠᠭᠤᠷᠢ ᠶᠢ ᠬᠠᠷᠠᠵᠤ ᠪᠠᠶᠢᠨ᠎ᠠ᠃ ᠣᠳᠣᠬᠠᠨ ᠳᠤ ᠪᠠᠨ ᠶᠠᠭᠠᠷᠠᠬᠤ ᠦᠭᠡᠢ ᠪᠠᠶᠢᠨ᠎ᠠ᠃
-ᠣᠷᠳᠣ ᠭᠠᠵᠠᠷ ᠤᠳ ᠢ ᠲᠥᠷᠥ ᠳᠦ ᠠᠪᠴᠤ ᠪᠠᠶᠢᠨ᠎ᠠ᠃  ᠠᠷᠠᠳᠴᠢᠯᠠᠭᠰᠠᠨ  ᠨᠠᠮ ᠡᠭᠦᠨ ᠳᠦ ᠶᠠᠮᠠᠷ ᠪᠠᠶᠢᠷᠢ ᠰᠠᠭᠤᠷᠢ ᠲᠠᠢ ᠪᠠᠶᠢᠨ᠎ᠠ ᠪᠤᠢ ︖
– ᠠᠷᠠᠳᠴᠢᠯᠠᠭᠰᠠᠨ ᠨᠠᠮ ᠥᠴᠥᠭᠡᠳᠦᠷ ᠦᠵᠡᠯ ᠪᠠᠷᠢᠮᠲᠠᠯᠠᠯ ᠤᠨ ᠲᠥᠰᠥᠯ ᠢᠶᠡᠨ ᠪᠣᠯᠪᠠᠰᠤᠷᠠᠭᠤᠯᠵᠤ᠂ ᠳᠡᠭᠡᠳᠦ ᠰᠢᠭᠦᠬᠦ ᠳᠦ ᠠᠯᠪᠠᠨ ᠶᠣᠰᠣᠭᠠᠷ ᠪᠦᠷᠢᠳᠬᠡᠭᠦᠯᠦᠭᠰᠡᠨ᠃ ᠮᠠᠨ ᠤ ᠨᠠᠮ ᠤᠨ ᠦᠵᠡᠯ ᠪᠠᠷᠢᠮᠲᠠᠯᠠᠯ ᠤᠨ ᠭᠣᠣᠯ ᠰᠠᠨᠠᠭ᠎ᠠ ᠨᠢ ᠪᠠᠷᠠᠭᠤᠨ ᠤ ᠲᠥᠪ ᠦᠨ ᠦᠵᠡᠯ ᠪᠠᠷᠢᠮᠲᠠᠯᠠᠯ ᠲᠠᠢ ᠪᠠᠶᠢᠨ᠎ᠠ᠃ ᠲᠡᠷᠡ ᠳᠤᠮᠳᠠ ᠪᠠᠨ  ᠬᠤᠪᠢ ᠶᠢᠨ ᠥᠮᠴᠢ ᠵᠠᠬ᠎ᠠ ᠵᠡᠭᠡᠯᠢ ᠶᠢᠨ ᠵᠠᠷᠴᠢᠮ ᠢᠶᠠᠷ ᠤᠯᠤᠰ ᠣᠷᠣᠨ ᠤ ᠡᠳ᠋ ᠍ ᠦᠨ ᠵᠠᠰᠠᠭ ᠬᠥᠭᠵᠢᠬᠦ ᠶᠣᠰᠣᠲᠠᠢ ᠭᠡᠰᠡᠨ ᠪᠠᠶᠢᠷᠢ ᠰᠠᠭᠤᠷᠢ ᠲᠠᠢ᠃ ᠲᠡᠶᠢᠮᠦ ᠡᠴᠡ ᠪᠦᠬᠦ ᠵᠦᠢᠯ ᠢ ᠲᠥᠷᠥ ᠳᠦ ᠠᠪᠬᠤ ᠵᠠᠮ ᠢᠶᠠᠷ ᠶᠠᠪᠤᠬᠤ ᠨᠢ ᠵᠥᠪ ᠪᠢᠰᠢ᠃ ᠡᠭᠦᠨ ᠦ ᠲᠣᠮᠣ ᠵᠢᠱᠢᠶ᠎ᠡ ᠨᠢ ᠸᠢᠨᠧᠽᠦ᠋ᠸ᠋ᠯᠠ ᠤᠯᠤᠰ᠃ ᠦᠨᠳᠦᠰᠦᠨ ᠬᠠᠤᠯᠢ ᠶᠢᠨ ᠵᠢᠭᠠᠯᠲᠠ ᠪᠠᠷ ᠢᠷᠭᠡᠳ ᠲᠦ ᠪᠡᠨ ᠦᠷ᠎ᠡ ᠠᠰᠢᠭ ᠲᠠᠢ᠂ ᠬᠦᠷᠲᠡᠭᠡᠮᠵᠢᠲᠡᠢ ᠣᠨᠣᠭᠳᠠᠬᠤ ᠶᠣᠰᠣᠲᠠᠢ ᠨᠣᠭᠳᠠᠯ ᠢ ᠣᠯᠭᠤᠳᠠᠭ᠂ ᠥᠭᠳᠡᠭ ᠡᠶᠢᠮᠦ ᠪᠠᠶᠢᠳᠠᠯ ᠢᠶᠠᠷ ᠵᠣᠬᠢᠴᠠᠭᠤᠯᠤᠯᠲᠠ ᠬᠢᠬᠦ ᠨᠢ ᠵᠦᠢᠲᠡᠢ᠃ ᠪᠦᠬᠦ ᠶᠠᠭᠤᠮ᠎ᠠ ᠶᠢ ᠬᠤᠷᠢᠶᠠᠪᠠᠯ ᠮᠣᠩᠭᠣᠯ ᠳᠤ ᠭᠠᠳᠠᠭᠠᠳᠤ ᠶᠢᠨ ᠬᠥᠷᠥᠩᠭᠡ ᠣᠷᠣᠭᠤᠯᠤᠯᠲᠠ ᠣᠷᠣᠵᠤ ᠢᠷᠡᠬᠦ ᠦᠦ᠂ ᠪᠢᠳᠡ ᠭᠠᠳᠠᠭᠠᠳᠤ ᠶᠢᠨ ᠬᠥᠷᠥᠩᠭᠡ ᠣᠷᠣᠭᠤᠯᠤᠯᠲᠠ ᠶᠢ ᠲᠠᠲᠠᠵᠤ ᠪᠠᠶᠢᠵᠤ ᠠᠭᠤᠯᠠ ᠠᠭᠤᠷᠬᠠᠢ ᠠᠰᠢᠭᠲᠤ ᠮᠠᠯᠲᠠᠮᠠᠯ ᠢ ᠵᠥᠪ ᠵᠣᠬᠢᠴᠠᠭᠤᠯᠵᠤ ᠶᠠᠪᠤᠨ᠎ᠠ᠃ ᠰᠡᠳᠬᠢᠯ ᠦᠨ ᠬᠥᠭᠡᠷᠦᠯ ᠢᠶᠡᠷ᠂ ᠬᠡᠲᠦ ᠤᠯᠤᠰ ᠲᠥᠷᠥ ᠶᠢᠨ ᠬᠡᠶᠢᠷᠬᠡᠯ ᠢᠶᠡᠷ ᠠᠯᠢᠪᠠ ᠳᠤ ᠬᠠᠨᠳᠤᠵᠤ ᠪᠣᠯᠬᠤ ᠦᠭᠡᠢ᠃
-ᠤᠯᠤᠰ ᠤᠨ ᠶᠡᠬᠡ ᠬᠤᠷᠠᠯ ᠤᠨ ᠴᠢᠭᠤᠯᠭᠠᠨ ᠬᠤᠷᠠᠯᠳᠤᠯ ᠦᠭᠡᠢ ᠰᠠᠷ᠎ᠠ ᠭᠠᠷᠤᠢ ᠶᠢᠨ ᠬᠤᠭᠤᠴᠠᠭ᠎ᠠ ᠥᠩᠭᠡᠷᠡᠯ᠎ᠡ᠃ ᠬᠡᠷᠪᠡ ᠴᠢᠭᠤᠯᠭᠠᠨ ᠬᠤᠷᠠᠯᠳᠤᠪᠠᠯ ᠫᠷᠣᠺᠦ᠋ᠷᠣᠷ ᠠᠴᠠ ᠲᠠᠪᠤᠨ ᠭᠡᠰᠢᠭᠦᠨ ᠢ ᠣᠷᠣᠭᠤᠯᠵᠤ ᠢᠷᠡᠵᠦ ᠮᠠᠭᠠᠳ ᠦᠭᠡᠢ ᠭᠡᠰᠡᠨ ᠮᠡᠳᠡᠭᠡᠯᠡᠯ ᠪᠤᠢ᠃ ᠶᠡᠷᠦ ᠨᠢ ᠤᠯᠤᠰ ᠤᠨ ᠶᠡᠬᠡ ᠬᠤᠷᠠᠯ ᠬᠤᠷᠠᠯᠳᠤᠬᠤ ᠦᠭᠡᠢ ᠪᠠᠶᠢᠭ᠎ᠠ ᠨᠢ ᠵᠠᠷᠢᠮ ᠨᠢᠭᠡ ᠭᠡᠰᠢᠭᠦᠨ ᠬᠡᠷᠡᠭ ᠵᠠᠪᠰᠢᠬᠤ ᠭᠡᠳ ᠪᠠᠶᠢᠭ᠎ᠠ ᠶᠤᠮ ᠰᠢᠭ᠋ ᠬᠠᠷᠠᠭᠳᠠᠵᠤ ᠪᠠᠶᠢᠨ᠎ᠠ᠃ ᠲᠠ ᠡᠨᠳᠡ ᠪᠠᠶᠢᠷᠢ ᠰᠠᠭᠤᠷᠢ ᠪᠠᠨ ᠢᠯᠡᠷᠬᠡᠶᠢᠯᠡᠬᠦ ᠦᠭᠡᠢ ᠤᠤ ︖
-ᠥᠨᠥᠳᠥᠷ ᠬᠤᠯᠠᠭᠠᠢ ᠶᠢ ᠵᠢᠵᠢᠭ ᠲᠣᠮᠣ ᠭᠡᠵᠦ ᠬᠠᠷᠠᠭᠠᠳ ᠪᠠᠶᠢᠨ᠎ᠠ᠃ ᠬᠤᠯᠠᠭᠠᠢ ᠪᠣᠯ ᠬᠤᠯᠠᠭᠠᠢ ᠰᠢᠦ ᠳ᠋ᠡ᠃ ᠵᠢᠵᠢᠭ ᠲᠤᠮᠤ  ᠶᠢᠨ ᠢᠯᠭᠠᠭ᠎ᠠ ᠪᠠᠶᠢᠬᠤ ᠦᠭᠡᠢ᠃ ᠡᠨᠳᠡ ᠲᠡᠷᠪᠤᠮ ᠲᠡᠷᠪᠤᠮ ᠢᠶᠠᠷ ᠲᠡᠭᠰᠢ ᠬᠤᠪᠢᠶᠠᠷᠢᠯᠠᠭᠰᠠᠨ ᠵᠣᠬᠢᠶᠠᠨ ᠪᠠᠶᠢᠭᠤᠯᠤᠯᠲᠠ ᠲᠠᠢ ᠲᠥᠷᠥ ᠶᠢᠨ ᠬᠡᠮᠵᠢᠶᠡᠨ ᠦ ᠯᠤᠶᠢᠪᠠᠷ᠃ ᠡᠶᠢᠮᠦ ᠵᠣᠬᠢᠶᠠᠨ ᠪᠠᠶᠢᠭᠤᠯᠤᠯᠲᠠ ᠲᠠᠢ ᠭᠡᠮᠲᠦ ᠬᠡᠷᠡᠭ ᠢ  ᠵᠢᠭᠡᠯᠡ ᠰᠢᠦ ᠳ᠋ᠡ᠃ ᠡᠷᠭᠢᠭᠡᠳ ᠲᠥᠯᠦᠴᠢᠬᠡᠨ᠎ᠡ᠃ ᠶᠠᠭᠤᠨ ᠰᠦᠷᠲᠡᠢ ᠶᠤᠮ ᠪᠤᠢ ᠭᠡᠵᠦ ᠶᠠᠷᠢᠭᠠᠳ ᠪᠠᠶᠢᠨ᠎ᠠ᠃ ᠨᠢᠭᠡᠨᠲᠡ ᠬᠠᠤᠯᠢ ᠲᠠᠢ᠂ ᠰᠢᠭᠦᠬᠦ ᠲᠡᠢ ᠤᠯᠤᠰ ᠣᠷᠣᠨ ᠶᠤᠮ ᠪᠣᠯ ᠲᠣᠮᠣ ᠵᠢᠵᠢᠭ ᠲᠦ ᠪᠡᠨ ᠪᠠᠶᠢᠭ᠎ᠠ ᠪᠢᠰᠢ᠃ ᠬᠠᠷᠢᠨ ᠬᠢᠭᠰᠡᠨ ᠦᠢᠯᠡᠳᠦᠯ ᠢ ᠨᠢ ᠰᠢᠯᠭᠠᠵᠤ ᠲᠣᠭᠲᠠᠭᠠᠵᠤ᠂ ᠭᠡᠮ ᠪᠤᠷᠤᠭᠤᠲᠠᠢ ᠳᠤ ᠨᠢ ᠰᠢᠳᠬᠡᠯ ᠨᠣᠭᠳᠠᠭᠤᠯᠬᠤ ᠳᠤ ᠪᠠᠨ ᠤᠴᠠᠷᠠᠭᠤᠯᠤᠭᠰᠠᠨ ᠬᠣᠬᠢᠷᠠᠯ ᠳᠤ ᠲᠠᠭᠠᠷᠠᠭᠰᠠᠨ ᠰᠢᠢᠳᠭᠡᠯ ᠨᠣᠭᠳᠠᠭᠤᠯᠬᠤ ᠬᠡᠷᠡᠭᠲᠡᠢ᠃ ᠡᠨᠳᠡ ᠬᠠᠷᠢᠭᠤᠴᠠᠯᠭ᠎ᠠ ᠲᠣᠭᠠᠴᠠᠬᠤ ᠶᠣᠰᠣᠲᠠᠢ᠃  ᠠᠷᠠᠳᠴᠢᠯᠠᠭᠰᠠᠨ ᠨᠠᠮ ᠤᠨ ᠬᠠᠲᠠᠭᠤ ᠪᠠᠶᠢᠷᠢ ᠰᠠᠭᠤᠷᠢ ᠲᠠᠢ ᠪᠠᠶᠢᠭ᠎ᠠ᠃
– ᠳ∙ᠳᠣᠷᠯᠢᠭᠵᠠᠪ ᠢ ᠪᠠᠷᠢᠪᠴᠢᠯᠠᠯ᠎ᠠ᠃ ᠲᠡᠭᠦᠨ ᠢ ᠨᠠᠮ ᠤᠨ ᠭᠡᠰᠢᠭᠦᠨᠴᠢᠯᠡᠯ ᠡᠴᠡ ᠬᠠᠰᠤᠬᠤ ᠤᠤ︖
– ᠳ∙ᠳᠣᠷᠯᠢᠭᠵᠠᠪ ᠳᠠᠷᠤᠭ᠎ᠠ ᠶᠢᠨ ᠬᠤᠪᠢ ᠳᠤ ᠮᠠᠨ ᠤ ᠨᠠᠮ ᠤᠨ ᠳᠠᠷᠤᠭ᠎ᠠ ᠪᠠᠶᠢᠭᠰᠠᠨ᠃ ᠭᠡᠮ ᠪᠤᠷᠤᠭᠤ ᠲᠠᠢ ᠨᠢ ᠲᠣᠭᠲᠠᠭᠠᠭᠳᠠᠪᠠᠯ ᠨᠠᠮ ᠤᠨ ᠳᠦᠷᠢᠮ ᠳᠦ ᠵᠢᠭᠠᠭᠰᠠᠨ ᠢᠶᠠᠷ ᠠᠰᠠᠭᠤᠳᠠᠯ ᠢ ᠨᠢ ᠰᠢᠢᠳᠦᠨ᠎ᠡ᠃ ᠵᠢᠭᠠᠯᠲᠠ ᠦᠭᠡᠢ ᠪᠣᠯ ᠬᠠᠤᠯᠢ ᠪᠠᠷ ᠢᠶᠠᠨ ᠠᠰᠠᠭᠤᠳᠠᠯ ᠢᠶᠠᠨ ᠰᠢᠢᠳᠬᠦ ᠪᠠᠶᠢᠬᠤ᠃
– ᠲᠠᠨ ᠤ ᠨᠠᠮ ᠤᠯᠤᠰ ᠤᠨ ᠶᠡᠬᠡ ᠬᠤᠷᠠᠯ ᠢ ᠲᠠᠷᠬᠠᠭᠠᠬᠤ ᠲᠤᠭᠲᠠᠭᠠᠯ ᠢᠶᠠᠨ ᠪᠣᠯᠪᠠᠰᠤᠷᠠᠭᠤᠯᠤᠭᠰᠠᠨ ᠤᠤ︖
– ᠠᠷᠠᠳᠴᠢᠯᠠᠭᠰᠠᠨ ᠨᠠᠮ ᠤᠨ ᠤᠯᠤᠰ ᠲᠥᠷᠥ ᠶᠢᠨ ᠵᠥᠪᠯᠡᠯ ᠤᠯᠤᠰ ᠤᠨ ᠶᠡᠬᠡ ᠬᠤᠷᠠᠯ ᠢ ᠲᠠᠷᠬᠠᠭᠠᠬᠤ ᠰᠢᠢᠳᠪᠦᠷᠢ ᠭᠠᠷᠭᠠᠭᠠᠳ᠂ ᠤᠯᠤᠰ ᠤᠨ ᠶᠡᠬᠡ ᠬᠤᠷᠠᠯ ᠳ᠋ᠡᠬᠢ ᠠᠷᠠᠳᠴᠢᠯᠠᠭᠰᠠᠨ ᠤᠨ ᠪᠦᠯᠦᠭ ᠪᠠᠶᠢᠷᠢ ᠰᠠᠭᠤᠷᠢ ᠪᠠᠨ ᠢᠯᠡᠷᠬᠡᠶᠢᠯᠡᠭᠰᠡᠨ᠃ ᠪᠢᠳᠡ ᠤᠳᠠᠬᠤ ᠦᠭᠡᠢ ᠤᠯᠤᠰ ᠤᠨ ᠶᠡᠬᠡ ᠬᠤᠷᠠᠯ ᠤᠨ ᠡᠭᠡᠯᠵᠢᠲᠦ ᠪᠤᠰᠤ ᠰᠣᠩᠭᠣᠭᠤᠯᠢ ᠶᠢ ᠶᠠᠪᠤᠭᠤᠯᠬᠤ ᠲᠣᠭᠲᠠᠭᠠᠯ ᠤᠨ ᠲᠥᠰᠥᠯ ᠢ ᠪᠣᠯᠪᠠᠰᠤᠷᠠᠭᠤᠯᠵᠤ᠂ ᠭᠠᠷ ᠤᠨ ᠦᠰᠦᠭ ᠴᠤᠭᠯᠠᠭᠤᠯᠤᠨ᠎ᠠ᠃ ᠥᠨᠥᠳᠥᠷ ᠰᠢᠳᠤᠷᠭᠤ ᠶᠣᠰᠣ  ᠶᠠᠷᠢᠭᠠᠳ ᠪᠠᠶᠢᠭ᠎ᠠ ᠬᠦᠮᠦᠰ ᠲᠡᠷᠡ ᠲᠣᠭᠲᠠᠭᠠᠯ ᠳᠤ ᠭᠠᠷ ᠤᠨ ᠦᠰᠦᠭ ᠵᠢᠷᠤᠬᠤ ᠪᠠᠶᠢᠬᠤ ᠭᠡᠵᠦ ᠪᠣᠳᠣᠵᠤ ᠪᠠᠶᠢᠨ᠎ᠠ᠃

ᠰᠡᠳᠬᠢᠭᠳᠡᠯ ᠦᠯᠡᠳᠡᠭᠡᠬᠦ