ᠮᠣᠩᠭᠣᠯᠴᠤᠳ ᠤᠨ 64 ᠬᠤᠪᠢ ᠨᠢ ᠴᠠᠭᠠᠨ ᠰᠠᠷ᠎ᠠ ᠲᠡᠮᠳᠡᠭᠯᠡᠳᠡᠭ | News.MN

ᠮᠣᠩᠭᠣᠯᠴᠤᠳ ᠤᠨ 64 ᠬᠤᠪᠢ ᠨᠢ ᠴᠠᠭᠠᠨ ᠰᠠᠷ᠎ᠠ ᠲᠡᠮᠳᠡᠭᠯᠡᠳᠡᠭ

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠮᠣᠩᠭᠣᠯᠴᠤᠳ ᠴᠠᠭᠠᠨ ᠰᠠᠷ᠎ᠠ ᠶᠢᠨ ᠪᠠᠶᠠᠷ ᠢᠶᠠᠨ ᠬᠡᠷᠬᠢᠨ ᠲᠡᠮᠳᠡᠭᠯᠡᠳᠡᠭ ᠲᠤᠬᠠᠢ ᠰᠤᠳᠤᠯᠭ᠎ᠠ ᠶᠢ ᠭᠠᠷᠭᠠᠵᠠᠢ᠃ ᠰᠤᠳᠤᠯᠭ᠎ᠠ ᠪᠠᠷ  ᠴᠠᠭᠠᠨ ᠰᠠᠷ᠎ᠠ ᠪᠠᠷ ᠨᠢᠭᠡ ᠡᠷᠦᠬᠡ ᠳᠤᠮᠳᠠᠴᠢ ᠪᠠᠷ 1.5 ᠰᠠᠶ᠎ᠠ ᠲᠥᠭᠥᠷᠢᠭ ᠦᠨ ᠵᠠᠷᠤᠳᠠᠯ ᠭᠠᠷᠭᠠᠳᠠᠭ ᠪᠠᠶᠢᠨ᠎ᠠ᠃ ᠡᠭᠦᠨ ᠳᠦ ᠢᠳᠡᠭᠡᠨ ᠦ ᠵᠠᠷᠤᠳᠠᠯ ᠳᠤ ᠳᠤᠮᠳᠠᠴᠢ ᠪᠠᠷ 696.1 ᠮᠢᠩᠭᠠᠨ ᠲᠥᠭᠥᠷᠢᠭ ᠦᠨ ᠵᠠᠷᠤᠳᠠᠯ ᠭᠠᠷᠭᠠᠳᠠᠭ ᠪᠠᠶᠢᠨ᠎ᠠ᠃ ᠡᠭᠦᠨ ᠡᠴᠡ 419ᠮᠢᠩᠭᠠᠨ ᠲᠥᠭᠥᠷᠢᠭ ᠪᠤᠶᠤ 60.2 ᠬᠤᠪᠢ ᠶᠢ ᠪᠣᠷᠣ ᠢᠳᠡᠭᠡᠨ ᠦ᠂ 277.1 ᠮᠢᠩᠭᠠᠨ ᠲᠥᠭᠥᠷᠢᠭ ᠪᠤᠶᠤ 39.8 ᠬᠤᠪᠢ ᠶᠢ ᠴᠠᠭᠠᠨ ᠢᠳᠡᠭᠡᠨ ᠦ ᠵᠠᠷᠤᠳᠠᠯ ᠡᠵᠡᠯᠡᠳᠡᠭ᠃ ᠬᠠᠷᠢᠨ ᠭᠠᠷ ᠤᠨ ᠪᠡᠯᠡᠭ ᠲᠦ ᠨᠢᠭᠡ ᠬᠦᠮᠦᠨ ᠳᠦ ᠳᠤᠮᠳᠠᠴᠢ ᠪᠠᠷ 8000-18000 ᠮᠢᠩᠭᠠᠨ ᠲᠥᠭᠥᠷᠢᠭ ᠦᠨ ᠦᠨ᠎ᠡ ᠪᠦᠬᠦᠢ ᠵᠦᠢᠯ ᠪᠡᠯᠡᠭᠯᠡᠳᠡᠭ᠂ ᠨᠢᠭᠡ ᠡᠷᠦᠬᠡ ᠳᠤᠮᠳᠠᠴᠢ ᠪᠠᠷ 60 ᠵᠣᠴᠢᠨ ᠬᠦᠯᠢᠶᠡᠨ ᠠᠪᠳᠠᠭ ᠭᠡᠵᠦ ᠲᠣᠭᠠᠴᠠᠪᠠᠯ 780 ᠮᠢᠩᠭᠠᠨ ᠲᠥᠭᠥᠷᠢᠭ ᠵᠠᠷᠤᠴᠠᠭᠤᠯᠳᠠᠭ ᠪᠠᠶᠢᠨ᠎ᠠ᠃ ᠮᠣᠩᠭᠣᠯ ᠤᠯᠤᠰ ᠲᠤ 865 ᠮᠢᠩᠭᠠᠨ ᠡᠷᠦᠬᠡ ᠪᠤᠢ᠃ ᠡᠳᠡᠭᠡᠷ ᠡᠷᠦᠬᠡ ᠶᠢᠨ 64 ᠬᠤᠪᠢ ᠨᠢ ᠴᠠᠭᠠᠨ ᠰᠠᠷ᠎ᠠ ᠶᠢ ᠥᠷᠭᠡᠨ ᠳᠡᠯᠭᠡᠷ ᠲᠡᠮᠳᠡᠭᠯᠡᠳᠡᠭ ᠪᠠᠶᠢᠨ᠎ᠠ᠃

ᠰᠡᠳᠬᠢᠭᠳᠡᠯ ᠦᠯᠡᠳᠡᠭᠡᠬᠦ

2 ᠰᠡᠳᠬᠢᠭᠳᠡᠯ

Avatar

ӨАЫЯӨАЫ 2019-01-11 192.82.64.147

асхсйыбсёйыбсаррхйырсёыхбсёрхсХРЁ

Avatar

Зочин 2019-01-11 192.82.64.147

ТАМИР