ᠭᠠᠳᠠᠭᠠᠳᠤ ᠸᠠᠯᠢᠶᠤᠲ ᠤᠨ ᠠᠯᠪᠠᠨ ᠨᠥᠭᠡᠴᠡ ᠶᠢᠨ ᠬᠡᠮᠵᠢᠶ᠎ᠡ 2018 ᠣᠨ ᠤ 11 ᠳ᠋ᠤᠭᠡᠷ ᠰᠠᠷ᠎ᠠ ᠶᠢᠨ ᠪᠠᠶᠢᠳᠠᠯ ᠢᠶᠠᠷ ᠭᠤᠷᠪᠠᠨ ᠲᠡᠷᠪᠤᠮ 477 ᠰᠠᠶ᠎ᠠ ᠳ᠋ᠣᠯᠯᠠᠷ ᠬᠦᠷᠦᠭᠰᠡᠨ ᠭᠡᠵᠦ ᠲᠥᠪ ᠪᠠᠩᠬᠢ ᠮᠡᠳᠡᠭᠡᠯᠡᠯ᠎ᠡ᠃ ᠡᠨᠡ ᠨᠢ ᠡᠮᠦᠨᠡᠬᠢ ᠣᠨ ᠤ ᠮᠥᠨ ᠦᠶ᠎ᠡ ᠡᠴᠡ 52 ᠣᠷᠴᠢᠮ ᠬᠤᠪᠢ ᠪᠠᠷ ᠥᠰᠦᠭᠰᠡᠨ ᠦᠵᠡᠭᠦᠯᠦᠯᠲᠡ ᠪᠣᠯᠵᠤ ᠪᠠᠶᠢᠨ᠎ᠠ᠃ ᠮᠣᠩᠭᠣᠯ ᠪᠠᠩᠬᠢ ᠭᠠᠳᠠᠭᠠᠳᠤ ᠸᠠᠯᠢᠶᠤᠲ ᠤᠨ ᠠᠯᠪᠠᠨ ᠨᠥᠭᠡᠴᠡ ᠶᠢᠨ ᠬᠡᠮᠵᠢᠶ᠎ᠡ ᠵᠢᠷᠭᠤᠭᠠᠨ ᠵᠢᠯ ᠦᠨ ᠳᠡᠭᠡᠳᠦ ᠲᠦᠪᠰᠢᠨ ᠳᠦ ᠬᠦᠷᠦᠭᠰᠡᠨ ᠭᠡᠵᠦ ᠣᠨᠴᠠᠯᠠᠵᠤ ᠪᠠᠶᠢᠭ᠎ᠠ ᠶᠤᠮ᠃
ᠭᠠᠳᠠᠭᠠᠳᠤ ᠶᠢᠨ ᠰᠢᠭᠤᠳ ᠬᠥᠷᠥᠩᠭᠡ ᠣᠷᠣᠭᠤᠯᠤᠯᠲᠠ ᠶᠢᠨ ᠬᠡᠮᠵᠢᠶ᠎ᠡ 2018 ᠣᠨ ᠤ ᠡᠬᠢᠨ ᠦ 10 ᠰᠠᠷ᠎ᠠ ᠶᠢᠨ ᠪᠠᠶᠢᠳᠠᠯ ᠢᠶᠠᠷ 1.4 ᠲᠡᠷᠪᠤᠮ ᠳ᠋ᠣᠯᠯᠠᠷ ᠲᠤ ᠬᠦᠷᠴᠡᠢ᠃ ᠬᠡᠳᠦᠢ ᠲᠡᠶᠢᠮᠦ ᠪᠣᠯᠪᠠᠴᠤ 2018 ᠣᠨ ᠳᠤ ᠣᠯᠠᠨ ᠤᠯᠤᠰ ᠤᠨ ᠸᠠᠯᠢᠶᠤᠲ ᠤᠨ ᠰᠠᠩ ᠤᠨ ᠬᠥᠲᠥᠯᠪᠦᠷᠢ ᠶᠢᠨ ᠬᠦᠷᠢᠶᠡᠨ ᠳᠦ ᠳ᠋ᠣᠨᠤᠷ ᠣᠷᠣᠨ ᠨᠤᠭᠤᠳ ᠤᠨ ᠠᠮᠠᠯᠠᠭᠰᠠᠨ 850 ᠰᠠᠶ᠎ᠠ ᠳ᠋ᠣᠯᠯᠠᠷ ᠤᠨ ᠰᠠᠩᠬᠦᠦᠵᠢᠯᠲᠡ ᠡᠴᠡ 300 ᠰᠠᠶ᠎ᠠ ᠳ᠋ᠣᠯᠯᠠᠷ ᠣᠷᠣᠵᠤ ᠢᠷᠡᠭᠰᠡᠨ ᠶᠤᠮ᠃ ᠲᠡᠶᠢᠮᠦ ᠡᠴᠡ 2019 ᠣᠨ ᠳᠤ ᠣᠯᠠᠨ ᠤᠯᠤᠰ ᠤᠨ ᠸᠠᠯᠢᠶᠤᠲ ᠤᠨ ᠰᠠᠩ ᠤᠨ ᠰᠠᠩᠬᠦᠦᠵᠢᠯᠲᠠ ᠡᠴᠡ ᠭᠠᠳᠠᠨ᠎ᠠ ᠳᠡᠯᠡᠬᠡᠢ ᠶᠢᠨ ᠪᠠᠩᠬᠢ᠂ ᠶᠠᠫᠣᠨ ᠤᠯᠤᠰ ᠤᠨ ᠵᠠᠰᠠᠭ ᠤᠨ ᠭᠠᠵᠠᠷ ᠤᠨ ᠰᠠᠩᠬᠦᠦᠵᠢᠯᠲᠠ ᠨᠦᠭᠦᠳ ᠣᠷᠣᠵᠤ ᠢᠷᠡᠬᠦ ᠬᠦᠯᠢᠶᠡᠯᠲᠡ ᠲᠡᠢ ᠪᠠᠶᠢᠨ᠎ᠠ᠃ ᠮᠣᠩᠭᠣᠯ ᠪᠠᠩᠬᠢ 2019 ᠣᠨ ᠤ ᠮᠥᠩᠭᠥᠨ ᠦ ᠪᠣᠳᠣᠯᠭ᠎ᠠ ᠶᠢᠨ ᠦᠨᠳᠦᠰᠦᠨ ᠴᠢᠭᠯᠡᠯ ᠳᠦ ᠪᠡᠨ ᠭᠠᠳᠠᠭᠠᠳᠤ ᠸᠠᠯᠢᠶᠤᠲ ᠤᠨ ᠠᠯᠪᠠᠨ ᠨᠥᠭᠡᠴᠡ ᠶᠢ ᠳᠤᠮᠳᠠ ᠬᠤᠭᠤᠴᠠᠭᠠᠨ ᠳᠤ 6.5 ᠲᠡᠷᠪᠤᠮ ᠳ᠋ᠣᠯᠯᠠᠷ ᠲᠤ ᠬᠦᠷᠭᠡᠬᠦ ᠱᠠᠭᠠᠷᠳᠠᠯᠭ᠎ᠠ ᠲᠠᠢ ᠭᠡᠵᠦ ᠣᠨᠴᠠᠯᠠᠵᠤ ᠪᠠᠶᠢᠨ᠎ᠠ᠃