ᠮᠥᠰᠦᠨ ᠳᠦ ᠠᠪᠠᠷᠢᠯᠲᠠ ᠶᠢᠨ ᠰᠢᠭᠰᠢᠭᠡ ᠪᠠᠭ ᠰᠣᠯᠣᠩᠭᠣᠰ ᠢ ᠵᠣᠷᠢᠵᠠᠢ | News.MN

ᠮᠥᠰᠦᠨ ᠳᠦ ᠠᠪᠠᠷᠢᠯᠲᠠ ᠶᠢᠨ ᠰᠢᠭᠰᠢᠭᠡ ᠪᠠᠭ ᠰᠣᠯᠣᠩᠭᠣᠰ ᠢ ᠵᠣᠷᠢᠵᠠᠢ

ᠮᠥᠰᠦᠨ ᠳᠦ ᠠᠪᠠᠷᠢᠯᠲᠠ ᠶᠢᠨ ᠳᠡᠯᠡᠬᠡᠢ ᠶᠢᠨ ᠴᠣᠮᠣ ᠶᠢᠨ 2019 ᠣᠨ ᠤ ᠴᠤᠪᠤᠷᠠᠯ ᠲᠡᠮᠡᠴᠡᠭᠡᠨ ᠨᠦᠭᠦᠳ ᠦᠨ ᠠᠩᠬᠠᠨ ᠤ ᠲᠡᠮᠡᠴᠡᠭᠡᠨ ᠡᠨᠡ ᠰᠠᠷ᠎ᠠ ᠶᠢᠨ 12-13 ᠳᠤ  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠤ ᠵᠣᠬᠢᠶᠠᠨ ᠪᠠᠶᠢᠭᠤᠯᠤᠭᠳᠠᠬᠤ ᠭᠡᠵᠦ ᠪᠠᠶᠢᠨ᠎ᠠ᠃ ᠲᠡᠮᠡᠴᠡᠭᠡᠨ ᠳᠦ ᠤᠷᠤᠯᠴᠠᠬᠤ ᠮᠣᠩᠭᠣᠯ ᠤᠯᠤᠰ ᠤᠨ ᠮᠥᠰᠦᠨ ᠳᠦ ᠠᠪᠠᠷᠢᠯᠲᠠ ᠶᠢᠨ ᠰᠢᠭᠰᠢᠭᠡ ᠪᠠᠭ ᠥᠴᠥᠭᠡᠳᠦᠷ ᠡᠬᠡ ᠣᠷᠣᠨ ᠠᠴᠠ ᠪᠠᠨ ᠮᠣᠷᠳᠠᠵᠠᠢ᠃ ᠡᠨᠡ ᠨᠢ ᠮᠣᠩᠭᠣᠯ ᠤᠯᠤᠰ ᠠᠴᠠ ᠳᠡᠯᠡᠬᠡᠢ ᠶᠢᠨ ᠴᠣᠮᠣ ᠶᠢᠨ ᠲᠡᠮᠡᠴᠡᠭᠡᠨ ᠳᠦ ᠲᠠᠰᠤᠷᠠᠯᠲᠠ ᠦᠭᠡᠢ  ᠲᠠᠪᠤᠳᠠᠬᠢ ᠵᠢᠯ ᠳᠦ ᠪᠡᠨ ᠠᠮᠵᠢᠯᠲᠠ ᠪᠠᠨ ᠠᠬᠢᠭᠤᠯᠤᠨ ᠣᠷᠣᠯᠴᠠᠵᠤ ᠪᠠᠶᠢᠭ᠎ᠠ ᠶᠠᠪᠤᠳᠠᠯ ᠶᠤᠮ ᠪᠠᠶᠢᠨ᠎ᠠ᠃ ᠪᠠᠭ ᠤᠨ ᠪᠦᠷᠢᠯᠳᠦᠬᠦᠨ ᠳᠦ᠄ ᠵ∙ᠣᠶᠤᠨᠴᠡᠴᠡᠭ  ᠂ ᠰ∙ᠳᠡᠯᠭᠡᠷᠮᠥᠶᠢᠷᠡᠨ ᠂ ᠨ∙ ᠬᠡᠷᠦᠯᠦᠨ᠂ ᠣ᠊∙ᠰᠠᠶᠢᠬᠠᠨᠵᠢᠷᠭᠠᠯ ᠂ ᠪ∙ᠠᠷᠢᠭᠤᠨᠪᠠᠶᠠᠷ ᠂ ᠳ∙ᠡᠩᠬᠡᠪᠠᠭᠠᠲᠤᠷ ᠂ ᠭ∙ ᠬᠦᠷᠡᠯᠪᠠᠭᠠᠲᠤᠷ ᠂ ᠰ∙ᠡᠩᠬᠡᠡᠤᠶᠤᠨ ᠂  ᠨ∙ᠠᠨᠤᠵᠢᠨ ᠨᠠᠷ ᠤᠷᠤᠯᠴᠠᠯ᠎ᠠ ᠃

ᠰᠡᠳᠬᠢᠭᠳᠡᠯ ᠦᠯᠡᠳᠡᠭᠡᠬᠦ