ᠥᠨᠥᠳᠥᠷ ᠬᠠᠨ-ᠠᠭᠤᠯᠠ ᠳᠡᠭᠦᠷᠭᠡ ᠶᠢᠨ ᠡᠷᠡᠭᠦᠦ ᠶᠢᠨ ᠬᠡᠷᠡᠭ ᠦᠨ ᠠᠩᠬᠠᠨ ᠱᠠᠲᠤᠨ ᠤ ᠰᠢᠭᠦᠬᠦ ᠳᠦ ᠳ∙ᠳᠣᠷᠯᠢᠭᠵᠠᠪ᠂ ᠳ∙ᠪᠠᠭᠠᠲᠤᠷ᠂ ᠴ∙ᠪᠢᠮᠪᠠ ᠨᠠᠷ ᠲᠤ ᠨᠡᠶᠢᠰᠯᠡᠯ ᠦᠨ ᠫᠷᠤᠺᠤᠷᠤᠷ ᠦᠨ ᠭᠠᠵᠠᠷ ᠠᠴᠠ ᠴᠠᠭᠳᠠᠨ ᠬᠤᠷᠢᠬᠤ ᠲᠠᠰᠤᠯᠤᠨ ᠰᠡᠷᠭᠡᠶᠢᠯᠡᠬᠦ ᠠᠷᠭ᠎ᠠ ᠬᠡᠮᠵᠢᠶ᠎ᠡ ᠠᠪᠬᠠᠭᠤᠯᠬᠤ ᠪᠠᠷ ᠢᠷᠡᠭᠦᠯᠦᠭᠰᠡᠨ ᠰᠠᠨᠠᠯ ᠢ ᠬᠡᠯᠡᠯᠴᠡᠯ᠎ᠡ᠃ ᠰᠢᠭᠦᠬᠦ ᠶᠢᠨ ᠰᠢᠢᠳᠪᠦᠷᠢ ᠪᠡᠷ ᠳᠡᠭᠡᠷᠡᠬᠢ ᠭᠤᠷᠪᠠᠨ ᠬᠦᠮᠦᠨ ᠢ ᠶᠠᠯᠠᠯᠠᠭᠳᠠᠭᠴᠢ ᠪᠠᠷ ᠲᠤᠰ ᠪᠦᠷᠢ ᠶᠢ ᠨᠢᠭᠡ ᠰᠠᠷ᠎ᠠ ᠶᠢᠨ ᠬᠤᠭᠤᠴᠠᠭ᠎ᠠ ᠪᠠᠷ ᠴᠠᠭᠳᠠᠨ ᠬᠣᠷᠢᠬᠤ ᠪᠠᠷ ᠰᠢᠢᠳᠪᠦᠷᠢᠯᠡᠵᠡᠢ᠃
ᠳᠣᠷᠯᠢᠭᠵᠠᠪ ᠨᠢ ᠤᠯᠤᠰ ᠤᠨ ᠶᠡᠷᠦᠩᠬᠡᠢ ᠫᠷᠤᠺᠤᠷᠤᠷ ᠢᠶᠠᠷ ᠠᠵᠢᠯᠯᠠᠵᠤ ᠪᠠᠶᠢᠬᠤ ᠳᠤ ᠪᠠᠨ ᠥᠪᠡᠷ ᠦᠨ ᠲᠦᠷᠦᠭᠰᠡᠨ ᠳᠡᠭᠦᠦ ᠳ∙ᠪᠠᠭᠠᠲᠤᠷ ᠤᠨ ᠡᠭᠦᠰᠬᠡᠨ ᠪᠠᠶᠢᠭᠤᠯᠤᠭᠰᠠᠨ ︽ᠷᠧᠺᠠᠲ ᠮᠣᠩᠭᠣᠯᠢᠶᠠ︾ ᠺᠤᠮᠫᠠᠨᠢ ᠶᠢᠨ ᠭᠣᠯᠣᠮᠲᠠ ᠪᠠᠩᠬᠢ ᠳ᠋ᠡᠬᠢ ᠳᠠᠩᠰᠠ ᠪᠠᠷ ᠲ∙ᠭᠠᠩᠪᠣᠯᠣᠳ ᠤᠨ NRI᠂ ︽ᠫᠠᠶᠤᠨᠧᠷᠢᠨ ᠢᠨᠲ᠋ᠧᠷᠨᠡᠰᠢᠯ ︾ ᠺᠣᠮᠫᠠᠨᠢ ᠠᠴᠠ 2011 ᠣᠨ ᠤ ᠶᠢᠰᠦᠳᠦᠭᠡᠷ ᠰᠠᠷ᠎ᠠ ᠠᠴᠠ ᠠᠷᠪᠠᠳᠤᠭᠠᠷ ᠰᠠᠷ᠎ᠠ ᠬᠦᠷᠲᠡᠯᠡᠬᠢ ᠬᠤᠭᠤᠴᠠᠭᠠᠨ ᠳᠤ ᠭᠤᠷᠪᠠᠨ ᠤᠳᠠᠭ᠎ᠠ ᠶᠢᠨ ᠰᠢᠯᠵᠢᠭᠦᠯᠭᠡ ᠪᠡᠷ ᠳᠥᠷᠪᠡᠨ ᠰᠠᠶ᠎ᠠ ᠳ᠋ᠣᠯᠯᠠᠷ ᠤᠨ ᠬᠠᠬᠤᠤᠯᠢ ᠠᠪᠤᠭᠰᠠᠨ ᠭᠡᠮᠲᠦ ᠬᠡᠷᠡᠭ ᠲᠦ ᠬᠣᠯᠪᠣᠭᠳᠠᠭᠰᠠᠨ ᠪᠢᠯᠡ᠃ ᠮᠥᠨ ᠲᠡᠭᠦᠨ ᠦ ᠳᠡᠭᠦᠦ ᠪᠠᠭᠠᠲᠤᠷ ᠨᠢ ᠤᠤᠯ ᠬᠡᠷᠡᠭ ᠲᠦ ᠬᠣᠯᠪᠣᠭᠳᠠᠭᠰᠠᠨ᠃ ᠴ∙ᠪᠢᠮᠪᠠ ᠨᠢ ᠳ∙ᠳᠣᠷᠯᠢᠭᠵᠠᠪ ᠂ ᠳ∙ᠪᠠᠭᠠᠲᠤᠷ ᠨᠠᠷ ᠲᠠᠢ ᠬᠠᠮᠲᠤᠷᠠᠨ ᠭᠡᠮᠲᠦ ᠬᠡᠷᠡᠭ ᠲᠦ ᠬᠣᠯᠪᠣᠭᠳᠠᠭᠰᠠᠨ ᠦᠨᠳᠦᠰᠦᠯᠡᠯ ᠢᠶᠡᠷ ᠲᠤᠰ ᠲᠤᠰ ᠴᠠᠭᠳᠠᠨ ᠬᠣᠷᠢᠭᠳᠠᠵᠤ ᠪᠤᠢ ᠶᠤᠮ᠃