ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠭ∙ ᠽᠠᠨᠳᠠᠨᠰᠢᠲᠠᠷ᠎ᠠ ᠥᠴᠥᠭᠡᠳᠦᠷ ︽ᠡᠷᠳᠡᠨᠢᠰ ᠮᠣᠩᠭᠣᠯ︾ ᠂ ︽ᠮᠣᠩᠭᠣᠯᠤᠷᠰᠴᠸᠧᠲ᠋ᠮᠧᠲ᠋︾ ᠺᠣᠮᠫᠠᠨᠢ ᠶᠢᠨ ᠤᠳᠤᠷᠢᠳᠤᠯᠭ᠎ᠠ ᠨᠠᠷ ᠲᠠᠢ ᠠᠭᠤᠯᠵᠠᠭᠰᠠᠨ᠃ ᠡᠨᠡ ᠦᠶ᠎ᠡ ᠪᠡᠷ ᠢᠶᠡᠨ ︽ᠮᠣᠩᠭᠣᠯᠤᠷᠰᠴᠸᠧᠲ᠋ᠮᠧᠲ᠋︾ ᠺᠣᠮᠫᠠᠨᠢ ᠶᠢᠨ ᠡᠵᠡᠮᠰᠢᠯ ᠳ᠋ᠡᠬᠢ ᠠᠰᠬᠠᠲᠤ ᠶᠢᠨ ᠮᠥᠩᠭᠥᠨ ᠦ ᠣᠷᠳᠣ ᠶᠢ ︽ᠡᠷᠳᠡᠨᠢᠰ ᠮᠣᠩᠭᠣᠯ︾ ᠺᠣᠮᠫᠠᠨᠢ ᠳᠤ ᠰᠢᠯᠵᠢᠭᠦᠯᠬᠦ ᠠᠰᠠᠭᠤᠳᠠᠯ ᠢ ᠵᠠᠰᠠᠭ ᠤᠨ ᠭᠠᠵᠠᠷ ᠤᠨ ᠬᠤᠷᠠᠯᠳᠤᠭᠠᠨ ᠢᠶᠠᠷ ᠣᠷᠣᠭᠤᠯᠵᠤ ᠢᠷᠡᠬᠦ ᠡᠭᠦᠷᠭᠡ ᠥᠭᠭᠦᠭᠰᠡᠨ ᠶᠤᠮ᠃
ᠡᠭᠦᠨ ᠲᠡᠢ ᠬᠣᠯᠪᠣᠭᠳᠠᠭᠤᠯᠤᠨ ︽ᠮᠣᠩᠭᠣᠯᠤᠷᠰᠴᠸᠧᠲ᠋ᠮᠧᠲ᠋︾ ᠺᠤᠮᠫᠠᠨᠢ ᠶᠢᠨ ᠭᠦᠢᠴᠡᠳᠭᠡᠬᠦ ᠵᠠᠬᠢᠷᠤᠯ ᠪ∙ᠮᠥᠩᠬᠡᠪᠠᠲᠤ ᠄ᠠᠰᠬᠠᠲᠤ ᠶᠢᠨ ᠮᠥᠩᠭᠥᠨ ᠦ ᠣᠷᠳᠣ 100 ᠬᠤᠪᠢ ᠲᠥᠷᠥ ᠶᠢᠨ ᠥᠮᠴᠢ ᠳᠦ ᠪᠠᠶᠢᠭ᠎ᠠ᠃ ᠲᠡᠶᠢᠮᠦ ᠤᠴᠢᠷ ᠠᠴᠠ ᠬᠠᠤᠯᠢ ᠡᠷᠬᠡ ᠵᠦᠢ ᠶᠢᠨ ᠬᠤᠪᠢ ᠳᠤ ᠠᠰᠠᠭᠤᠳᠠᠯ ᠡᠭᠦᠰᠬᠦ ᠦᠭᠡᠢ ᠃ ᠲᠣᠳᠣᠷᠬᠠᠢ ᠬᠡᠮᠵᠢᠶᠡᠨ ᠦ ᠵᠠᠷᠤᠳᠠᠯ ᠭᠠᠷᠭᠠᠭᠰᠠᠨ᠃ ᠡᠭᠦᠨ ᠢ ᠨᠥᠬᠥᠨ ᠣᠯᠭᠣᠪᠤᠷᠢ ᠪᠠᠷ ᠣᠯᠭᠤᠨ᠎ᠠ ᠭᠡᠰᠡᠨ᠃ ᠡᠨᠡ ᠨᠥᠬᠥᠨ ᠲᠥᠯᠥᠪᠦᠷᠢ ᠨᠢ 7 ᠰᠠᠶ᠎ᠠ ᠳ᠋ᠣᠯᠯᠠᠷ ᠶᠤᠮ᠃ ᠠᠰᠬᠠᠲᠤ ᠶᠢᠨ ᠮᠥᠩᠭᠥᠨ ᠦ ᠤᠷᠳᠤ ᠳᠤ ᠨᠡᠶᠢᠲᠡ 55-60 ᠰᠠᠶ᠎ᠠ ᠳ᠋ᠣᠯᠯᠠᠷ ᠤᠨ ᠬᠥᠷᠥᠩᠭᠡ ᠣᠷᠣᠭᠤᠯᠤᠯᠲᠠ ᠱᠠᠭᠠᠷᠳᠠᠯᠭ᠎ᠠ ᠲᠠᠢ ᠪᠠᠶᠢᠭ᠎ᠠ ᠭᠡᠰᠡᠨ ᠲᠠᠶᠢᠯᠪᠤᠷᠢ ᠥᠭᠭᠦᠭᠰᠡᠨ ᠪᠠᠶᠢᠨ᠎ᠠ᠃ ︽ᠮᠣᠩᠭᠣᠯᠤᠷᠰᠴᠸᠧᠲ᠋ᠮᠧᠲ᠋︾ ᠨᠢ ︽ᠡᠷᠳᠡᠨᠢᠲᠦ︾ ᠦᠢᠯᠡᠳᠪᠦᠷᠢ ᠶᠢᠨ 49 ᠬᠤᠪᠢ ᠲᠠᠢ ᠬᠠᠮᠲᠤ ᠣᠷᠣᠰ ᠤᠨ ᠲᠠᠯ᠎ᠠ ᠠᠴᠠ ᠮᠣᠩᠭᠣᠯ ᠳᠤ ᠰᠢᠯᠵᠢᠭᠰᠡᠨ ᠲᠥᠷᠥ ᠶᠢᠨ ᠥᠮᠴᠢᠲᠤ ᠪᠠᠶᠢᠭᠤᠯᠤᠯᠭ᠎ᠠ ᠪᠢᠯᠡ᠃ ᠲᠡᠶᠢᠮᠦ ᠡᠴᠡ ︽ᠡᠷᠳᠡᠨᠢᠲᠦ︾ ᠦᠢᠯᠡᠳᠪᠦᠷᠢ ᠲᠣᠭᠣᠷᠢᠭᠰᠠᠨ ᠥᠮᠴᠢᠯᠡᠯ ᠦᠨ ᠮᠠᠷᠭᠤᠭᠠᠨ ᠳᠤ ᠳᠠᠪᠬᠤᠷ ᠬᠠᠮᠤᠷᠤᠭᠳᠠᠳᠠᠭ ᠶᠤᠮ᠃