ᠰ∙ ᠭᠠᠩᠲᠤᠭᠤᠭ᠎ᠠ ᠰᠠᠭᠰᠤᠨ ᠪᠥᠮᠪᠥᠭᠡ ᠪᠡᠷ ᠥᠷᠢᠰᠦᠯᠳᠦᠨ᠎ᠡ | News.MN

ᠰ∙ ᠭᠠᠩᠲᠤᠭᠤᠭ᠎ᠠ ᠰᠠᠭᠰᠤᠨ ᠪᠥᠮᠪᠥᠭᠡ ᠪᠡᠷ ᠥᠷᠢᠰᠦᠯᠳᠦᠨ᠎ᠡ

︽ᠶᠠᠭ ᠲᠡᠭᠦᠨ ᠰᠢᠭ 2︾ ᠱᠤᠸᠤ᠋ ᠨᠡᠪᠲᠡᠷᠡᠭᠦᠯᠭᠡ ᠶᠢᠨ ᠠᠪᠢᠶᠠᠰᠯᠢᠭ ᠣᠷᠣᠯᠴᠠᠭᠴᠢ᠂ ᠳᠠᠭᠤᠴᠢᠨ ᠰ∙ᠭᠠᠩᠲᠤᠭᠤᠭ᠎ᠠ ᠶᠢ ᠬᠦᠮᠦᠰ ᠰᠠᠶᠢᠨ ᠮᠡᠳᠡᠨ᠎ᠡ᠃  ᠲᠡᠷᠡ ᠱᠤᠸᠤ᠋ ᠶᠢᠨ ᠳᠠᠷᠠᠭ᠎ᠠ ᠪᠠᠷ ᠥᠪᠡᠷ ᠦᠨ ᠪᠡᠶ᠎ᠡ ᠳᠠᠭᠠᠭᠠᠭᠰᠠᠨ ᠤᠷᠠᠨ ᠪᠦᠲᠦᠭᠡᠯ ᠳᠦ ᠪᠡᠨ ᠢᠯᠡᠭᠦᠦ  ᠠᠩᠬᠠᠷᠬᠤ ᠪᠣᠯᠤᠭᠰᠠᠨ ᠪᠢᠯᠡ᠃ ᠲᠡᠭᠡᠪᠡᠯ ᠡᠨᠡ ᠤᠳᠠᠭ᠎ᠠ ᠠᠪᠢᠶᠠᠰᠯᠢᠭ ᠳᠠᠭᠤᠴᠢᠨ ᠵᠠᠯᠠᠭᠤ ᠮᠠᠨᠢ ᠰᠣᠯᠣᠩᠭᠣᠰ ᠤᠯᠤᠰ ᠲᠤ ᠠᠵᠢᠯᠯᠠᠵᠤ᠂ ᠠᠮᠢᠳᠤᠷᠠᠵᠤ ᠪᠤᠢ ᠵᠠᠯᠠᠭᠤᠰ ᠤᠨ ᠳᠤᠮᠳᠠ ᠵᠣᠬᠢᠶᠠᠨ ᠪᠠᠶᠢᠭᠤᠯᠬᠤ ᠰᠠᠭᠰᠤᠨ ᠪᠥᠮᠪᠥᠭᠡ ᠶᠢᠨ ᠲᠡᠮᠡᠴᠡᠭᠡᠨ ᠳᠦ ᠤᠷᠤᠯᠴᠠᠬᠤ ᠭᠡᠨ᠎ᠡ᠃ ᠡᠨᠡ ᠰᠠᠷ᠎ᠠ ᠶᠢᠨ 20 ᠍ ᠳᠦ ᠪᠣᠯᠬᠤ ᠰᠠᠭᠰᠤᠨ ᠪᠥᠮᠪᠥᠭᠡ ᠶᠢᠨ ᠲᠡᠮᠡᠴᠡᠭᠡᠨ ᠳᠦ ᠰ∙ᠭᠠᠩᠲᠣᠭᠣᠭ᠎ᠠ ᠠᠴᠠ ᠭᠠᠳᠠᠨ᠎ᠠ ᠮᠡᠷᠭᠡᠵᠢᠯ ᠦᠨ ᠲᠤᠯᠤᠭᠠᠨᠴᠢ ᠮ∙ᠨᠠᠨᠳᠢᠨ-ᠡᠷᠳᠡᠨᠢ ᠳᠡᠮᠵᠢᠨ ᠣᠷᠣᠯᠴᠠᠨ᠎ᠠ᠃ ᠤᠯᠠᠭᠠᠨᠪᠠᠭᠠᠲᠤᠷ ᠬᠣᠲᠠ ᠶᠢᠨ ᠤᠲᠤᠭᠠᠨ ᠤ ᠡᠰᠡᠷᠭᠦ ︽ᠪᠢᠳᠡ ᠤᠭᠠᠷᠲᠤᠯ᠎ᠠ︾ ᠭᠡᠰᠡᠨ ᠤᠷᠢᠶᠠᠨ ᠳᠣᠣᠷ᠎ᠠ ᠵᠣᠬᠢᠶᠠᠨ ᠪᠠᠶᠢᠭᠤᠯᠬᠤ ᠡᠨᠡ ᠲᠡᠮᠡᠴᠡᠭᠡᠨ ᠡᠴᠡ ᠣᠯᠤᠭᠰᠠᠨ ᠠᠰᠢᠭ ᠢ ᠰᠣᠩᠭᠢᠨ᠎ᠠ  ᠬᠠᠶᠢᠷᠬᠠᠨ ᠳᠡᠭᠦᠷᠭᠡ ᠶᠢᠨ ᠡᠮᠨᠡᠯᠭᠡ ᠨᠦᠭᠦᠳ ᠲᠦ ᠤᠲᠤᠯᠭ᠎ᠠ ᠶᠢᠨ ᠠᠫᠫᠠᠷᠠᠲ ᠬᠤᠳᠠᠯᠳᠤᠨ ᠠᠪᠬᠤ ᠳᠤ ᠵᠠᠷᠤᠴᠠᠭᠤᠯᠬᠤ  ᠶᠤᠮ ᠃

ᠰᠡᠳᠬᠢᠭᠳᠡᠯ ᠦᠯᠡᠳᠡᠭᠡᠬᠦ