ᠲ∙ᠠᠷᠢᠭᠤᠨ᠎ᠠ ︽ᠲᠩᠷᠢ ᠰᠢᠭ ᠪᠠᠢ︾ ᠴᠣᠮᠣᠭ ᠢᠶᠠᠨ ᠭᠠᠷᠭᠠᠨ᠎ᠠ | News.MN

ᠲ∙ᠠᠷᠢᠭᠤᠨ᠎ᠠ ︽ᠲᠩᠷᠢ ᠰᠢᠭ ᠪᠠᠢ︾ ᠴᠣᠮᠣᠭ ᠢᠶᠠᠨ ᠭᠠᠷᠭᠠᠨ᠎ᠠ

ᠭᠠᠯ ᠴᠣᠭ ᠲᠠᠢ ᠡᠷᠴᠢ ᠬᠦᠴᠦ ᠪᠡᠷ ᠢᠶᠡᠨ ᠦᠷᠭᠦᠯᠵᠢ  ᠰᠢᠲᠦᠭᠴᠢᠳ ᠢᠶᠡᠨ ᠪᠠᠶᠢᠯᠳᠤᠨ ᠳᠠᠭᠠᠭᠤᠯᠳᠠᠭ ᠤᠷᠠᠨ ᠪ ᠪᠦᠲᠦᠭᠡᠯᠴᠢ ᠪᠣᠯ ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ᠂ ᠳᠠᠭᠤᠴᠢᠨ ᠲ∙ᠠᠷᠢᠭᠤᠨ᠎ᠠ᠃  ᠲᠡᠷᠡ  ᠪᠡᠷ ᠰᠢᠨ᠎ᠡ ᠣᠨ ᠳᠤ ᠤᠷᠠᠨ ᠪᠦᠲᠦᠭᠡᠯ ᠦᠨ ᠰᠢᠨᠡᠬᠡᠨ ᠴᠣᠮᠣᠭ ᠢᠶᠠᠨ ᠥᠯᠥᠭᠡᠶᠢᠳᠡᠨ ᠠᠪᠬᠤ ᠪᠠᠷ ᠠᠵᠢᠯᠯᠠᠵᠤ ᠪᠠᠶᠢᠭ᠎ᠠ ᠰᠤᠷᠠᠭ ᠲᠠᠢ᠃ ᠫᠣᠫ ᠳ᠋ᠢᠸᠠ ᠳᠠᠭᠤᠴᠢᠨ ᠮᠠᠨᠢ ᠬᠠᠮᠤᠭ ᠤᠨ ᠰᠡᠭᠦᠯ ᠳᠦ ︽ᠴᠢᠮ᠎ᠠ ᠳᠤ ᠪᠠᠨ ᠠᠭᠤᠰᠤᠨ᠎ᠠ︾ ᠬᠡᠮᠡᠬᠦ ᠳᠠᠭᠤᠤ ᠶᠢ ᠵᠦᠴᠦᠭᠡᠴᠢᠨ ᠲ∙ᠪᠠᠷᠬᠦᠦ ᠲᠡᠢ ᠬᠣᠣᠰᠯᠠᠨ ᠳᠠᠭᠤᠯᠠᠭᠰᠠᠨ ᠨᠢ ᠣᠯᠠᠨ ᠤ ᠠᠩᠬᠠᠷᠤᠯ ᠢ ᠶᠡᠬᠡᠳᠡ ᠲᠠᠲᠠᠭᠰᠠᠨ ᠪᠢᠯᠡ᠃ ᠡᠨᠡ ᠤᠷᠠᠨ ᠪᠦᠲᠦᠭᠡᠯ ᠨᠢ ᠲᠡᠭᠦᠨ ᠦ  ᠤᠳᠠᠬᠤ ᠦᠭᠡᠢ ᠥᠯᠥᠭᠡᠶᠢᠳᠡᠨ ᠠᠪᠬᠤ ︽ᠲᠩᠷᠢ ᠰᠢᠭ ᠪᠠᠢ︾ ᠳᠣᠯᠣᠭ᠎ᠠ ᠳ᠋ᠡᠬᠢ ᠴᠣᠮᠣᠭ ᠲᠤ ᠪᠠᠭᠲᠠᠭᠰᠠᠨ ᠤᠷᠠᠨ ᠪᠦᠲᠦᠭᠡᠯ ᠦᠨ ᠨᠢᠭᠡ ᠠᠵᠠᠢ ᠃ ᠳᠠᠭᠤᠴᠢᠨ ᠲ∙ᠠᠷᠢᠭᠤᠨ᠎ᠠ 2017 ᠣᠨ ᠳᠤ 21 ᠵᠢᠯ ᠦᠨ ᠡᠮᠦᠨ᠎ᠡ ᠰᠣᠨᠣᠰᠤᠭᠴᠢᠳ ᠢ ᠪᠠᠶᠢᠯᠳᠤᠨ ᠳᠠᠭᠠᠭᠤᠯᠤᠭᠰᠠᠨ  ︽ᠤᠲᠠᠰᠤᠨ ᠤ ᠴᠢᠨᠢ ᠳ᠋ᠤᠭᠠᠷ︾  ᠳᠠᠭᠤᠤ ᠪᠠᠨ ᠰᠢᠨᠡᠴᠢᠯᠡᠨ ᠳᠠᠭᠤᠯᠠᠵᠤ᠂ Cosmic Ariunaa ᠴᠣᠮᠣᠭ ᠢᠶᠠᠨ ᠲᠠᠨᠢᠯᠴᠠᠭᠤᠯᠤᠭᠰᠠᠨ ᠪᠢᠯᠡ᠃
  

ᠰᠡᠳᠬᠢᠭᠳᠡᠯ ᠦᠯᠡᠳᠡᠭᠡᠬᠦ