ᠭ∙ᠠᠷᠢᠭᠤᠨᠪᠠᠭᠠᠲᠤᠷ ᠮᠠᠷᠢᠨᠰᠺᠢ ᠲᠢᠶᠠᠲ᠋ᠷ ᠲᠤ ᠳᠠᠬᠢᠨ ᠳᠠᠭᠤᠯᠠᠨ᠎ᠠ | News.MN

ᠭ∙ᠠᠷᠢᠭᠤᠨᠪᠠᠭᠠᠲᠤᠷ ᠮᠠᠷᠢᠨᠰᠺᠢ ᠲᠢᠶᠠᠲ᠋ᠷ ᠲᠤ ᠳᠠᠬᠢᠨ ᠳᠠᠭᠤᠯᠠᠨ᠎ᠠ

ᠳᠡᠯᠡᠬᠡᠢ ᠶᠢᠨ ᠰᠣᠩᠭᠣᠳᠠᠭ ᠤᠷᠠᠯᠢᠭ ᠲᠤ ᠮᠣᠩᠭᠣᠯ ᠤᠨ ᠢᠶᠠᠨ ᠨᠡᠷ᠎ᠡ ᠶᠢ ᠭᠠᠷᠭᠠᠵᠤ ᠶᠠᠪᠤᠭ᠎ᠠ ᠳᠠᠭᠤᠴᠢᠳ ᠤᠨ ᠨᠢᠭᠡ ᠨᠢ ᠭᠠᠪᠢᠶᠠᠲᠤ ᠵᠦᠴᠦᠭᠡᠴᠢᠨ ᠭ∙ᠠᠷᠢᠭᠤᠨᠪᠠᠭᠠᠲᠤᠷ ᠪᠢᠯᠡ᠃ ᠲᠡᠷᠡ ᠡᠨᠡ ᠣᠨ ᠠᠴᠠ ᠮᠠᠷᠢᠨᠰᠺᠢ ᠲᠢᠶᠠᠲ᠋ᠷ ᠲᠤ ᠳᠠᠬᠢᠨ ᠳᠠᠭᠤᠯᠠᠬᠤ ᠪᠠᠷ ᠪᠣᠯᠤᠭᠰᠠᠨ ᠪᠠᠶᠢᠨ᠎ᠠ᠃ ᠡᠨᠡ ᠲᠤᠬᠠᠢ ᠪᠠᠨ ᠭ∙ᠠᠷᠢᠭᠤᠨᠪᠠᠭᠠᠲᠤᠷ᠄ ᠰᠢᠨ᠎ᠡ ᠣᠨ ᠤ ᠡᠬᠢᠨ ᠦ ᠳᠣᠯᠣᠭ᠎ᠠ ᠬᠣᠨᠣᠭ ᠲᠤ ᠣᠯᠠᠨ ᠨᠢᠰᠦᠯ᠎ᠡ ᠰᠢᠦ᠃ 2019 ᠣᠨ ᠠᠵᠢᠯ ᠠᠮᠢᠳᠤᠷᠠᠯ ᠤᠨ ᠬᠤᠪᠢ ᠳᠤ ᠮᠠᠰᠢ ᠶᠡᠬᠡ ᠥᠭᠡᠷᠡᠴᠢᠯᠡᠯᠲᠡ ᠠᠪᠴᠢᠷᠠᠵᠤ ᠪᠠᠶᠢᠨ᠎ᠠ᠃ ᠤᠴᠢᠷ ᠨᠢ ᠮᠠᠷᠢᠨᠰᠺᠢ ᠲᠢᠶᠠᠲ᠋ᠷ ᠲᠤ ᠤᠷᠲᠤ ᠬᠤᠭᠤᠴᠠᠭᠠᠨ ᠤ ᠭᠡᠷ᠎ᠡ ᠪᠠᠶᠢᠭᠤᠯᠵᠤ᠂ ᠬᠢᠯᠢ ᠶᠢᠨ ᠴᠢᠨᠠᠳᠤ ᠳᠤ ᠠᠮᠢᠳᠤᠷᠠᠬᠤ ᠪᠣᠯᠤᠭᠰᠠᠨ᠃ ᠡᠨᠡ ᠮᠤᠨᠳᠠᠭ ᠲᠢᠶᠠᠲ᠋ᠷ ᠢᠶᠠᠷ ᠣᠪᠤᠭᠯᠠᠵᠤ᠂ ᠳᠡᠯᠡᠬᠡᠢ ᠶᠢᠨ ᠣᠯᠠᠨ ᠭᠠᠵᠠᠷ ᠢᠶᠠᠷ ᠴᠤᠤᠷᠢᠶᠠᠲᠤᠨ᠎ᠠ ᠬᠡᠮᠡᠨ ᠰᠡᠳᠬᠢᠯ ᠦᠨ ᠪᠠᠬᠠᠳᠤᠮ᠎ᠠ ᠦᠭᠡ  ᠪᠡᠨ ᠬᠡᠯᠡᠵᠡᠢ ᠃
ᠭ∙ᠠᠷᠢᠭᠤᠨᠪᠠᠭᠠᠲᠤᠷ 2017 ᠣᠨ ᠳᠤ BBC Cardiff Singer of the World ᠤᠷᠤᠯᠳᠤᠭᠠᠨ ᠤ  ︽ᠷᠣᠮᠠᠨᠰ︾ ᠲᠥᠷᠥᠯ ᠳᠦ ᠲᠡᠷᠢᠭᠦᠨ ᠪᠠᠶᠢᠷᠢ ᠡᠵᠡᠯᠡᠵᠦ᠂ ︽ᠠᠷᠢ︾ ᠲᠥᠷᠥᠯ ᠳᠦ ᠳᠡᠯᠡᠬᠡᠢ ᠶᠢᠨ ᠲᠠᠪᠤᠨ ᠳᠠᠭᠤᠴᠢᠨ ᠤ ᠨᠢᠭᠡ ᠪᠣᠯᠵᠤ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ