ᠤᠳᠬ᠎ᠠ ᠵᠣᠬᠢᠶᠠᠯ ᠤᠨ ᠠᠯᠳᠠᠭ᠎ᠠ ᠣᠨᠣᠭ᠎ᠠ ᠶᠢ ᠶᠠᠷᠢᠯᠴᠠᠯ᠎ᠠ | News.MN

ᠤᠳᠬ᠎ᠠ ᠵᠣᠬᠢᠶᠠᠯ ᠤᠨ ᠠᠯᠳᠠᠭ᠎ᠠ ᠣᠨᠣᠭ᠎ᠠ ᠶᠢ ᠶᠠᠷᠢᠯᠴᠠᠯ᠎ᠠ

ᠮᠤᠩᠭᠤᠯ ᠤᠨ ᠵᠤᠬᠢᠶᠠᠯᠴᠢᠳ ᠦᠨ ᠡᠪᠯᠡᠯ ᠦᠨ 90 ᠵᠢᠯ ᠦᠨ ᠣᠢ ᠶᠢᠨ ᠶᠣᠰᠣᠯᠠᠯ ᠤᠳ ᠦᠷᠭᠦᠯᠵᠢᠯᠡᠭᠰᠡᠭᠡᠷ ᠪᠠᠶᠢᠨ᠎ᠠ᠃ ᠥᠨᠥᠳᠥᠷ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠨᠣᠮ ᠤᠨ ᠰᠠᠩ ᠳᠤ ︽ᠮᠣᠩᠭᠣᠯ ᠤᠨ ᠰᠢᠨ᠎ᠡ ᠦᠶ᠎ᠡ ᠶᠢᠨ ᠤᠷᠠᠨ ᠵᠣᠬᠢᠶᠠᠯ ᠤᠨ ᠥᠨᠥ ᠶᠢᠨ ᠲᠥᠯᠥᠪ᠂ ᠢᠷᠡᠭᠡᠳᠦᠢ ᠶᠢᠨ ᠴᠢᠭ ᠬᠠᠨᠳᠤᠯᠭ᠎ᠠ︾ ᠰᠡᠳᠦᠪᠲᠦ ᠡᠷᠳᠡᠮ ᠰᠢᠨᠵᠢᠯᠡᠭᠡᠨ ᠦ ᠬᠤᠷᠠᠯ ᠪᠣᠯᠤᠯ᠎ᠠ᠃ ᠬᠤᠷᠠᠯ ᠢ ᠮᠤᠩᠭᠤᠯ ᠤᠨ ᠵᠤᠬᠢᠶᠠᠯᠴᠢᠳ ᠦᠨ ᠡᠪᠯᠡᠯ ᠦᠨ ᠤᠳᠤᠷᠢᠳᠬᠤ ᠵᠥᠪᠯᠡᠯ ᠦᠨ ᠳᠠᠷᠤᠭ᠎ᠠ᠂ ᠳ᠋ᠣᠺᠲ᠋ᠣᠷ᠂ ᠫᠷᠣᠹᠧᠰᠰᠣᠷ ᠳ∙ᠴᠡᠨᠳᠡᠵᠠᠪ ᠨᠡᠭᠡᠭᠡᠵᠦ᠂ ᠤᠳᠤᠷᠢᠳᠤᠨ ᠶᠠᠪᠤᠭᠤᠯᠪᠠ᠃
ᠲᠡᠷᠡ᠂ ᠲᠡᠦᠬᠡ ᠪᠣᠯ ᠰᠤᠷᠭᠠᠮᠵᠢ ᠤᠴᠢᠷ ᠠᠴᠠ ᠰᠠᠶᠢᠨ ᠨᠢ ᠴᠤ᠂ ᠮᠠᠭᠤ ᠨᠢ ᠴᠤ ᠪᠢᠳᠡᠨ ᠦ ᠪᠠᠭᠰᠢ᠃ ᠮᠣᠩᠭᠣᠯ ᠤᠨ ᠵᠣᠬᠢᠶᠠᠯᠴᠢᠳ ᠤᠨ ᠲᠡᠦᠬᠡ ᠪᠣᠯ ᠪᠢᠳᠡᠨ ᠳᠦ ᠮᠠᠷᠭᠠᠰᠢ ᠶᠢᠨ ᠵᠠᠯᠠᠭᠤᠷ ᠪᠣᠯᠬᠤ ᠴᠢᠭ ᠪᠠᠷᠢᠮᠵᠢᠶ᠎ᠠ ᠶᠢ ᠣᠯᠭᠤᠳᠠᠭ᠃ ᠲᠡᠶᠢᠮᠦ ᠡᠴᠡ ᠡᠨᠡ ᠡᠷᠳᠡᠮ ᠰᠢᠨᠵᠢᠯᠡᠭᠡᠨ ᠦ ᠬᠤᠷᠠᠯ ᠢ ᠬᠢᠵᠦ ᠪᠠᠶᠢᠭ᠎ᠠ ᠶᠤᠮ ᠭᠡᠪᠡ᠃ ︽ᠤᠷᠠᠨ ᠵᠣᠬᠢᠶᠠᠯ ᠪᠠ ᠮᠥᠨ ᠴᠢᠨᠠᠷ︾ ᠢᠯᠡᠳᠬᠡᠯ ᠢ ᠫᠷᠣᠹᠧᠰᠰᠣᠷ ᠳ∙ᠭᠠᠯᠪᠠᠭᠠᠲᠤᠷ ᠲᠠᠯᠪᠢᠯ᠎ᠠ᠃ ᠮᠣᠩᠭᠣᠯ ᠤᠨ ᠣᠷᠴᠢᠨ ᠦᠶ᠎ᠡ ᠶᠢᠨ ᠥᠭᠦᠯᠡᠯᠭᠡ ᠶᠢᠨ ᠲᠥᠯᠥᠪ᠂ ᠬᠠᠨᠳᠤᠯᠭ᠎ᠠ ᠶᠢᠨ ᠲᠤᠬᠠᠢ ᠤᠳᠬ᠎ᠠ ᠵᠣᠬᠢᠶᠠᠯ ᠰᠤᠳᠤᠯᠤᠭᠠᠴᠢ᠂ ᠳ᠋ᠣᠺᠲ᠋ᠣᠷ ᠰ∙ᠠᠮᠤᠷᠲᠦ᠋ᠪᠰᠢᠨ ᠢᠯᠡᠳᠬᠡᠬᠦ ᠳᠦ ᠪᠡᠨ᠂ 2000 ᠣᠨ ᠠᠴᠠ ᠬᠣᠶᠢᠰᠢᠬᠢ ᠥᠭᠦᠯᠡᠯᠭᠡ ᠨᠦᠭᠦᠳ ᠲᠦ ᠵᠠᠳᠠᠯᠤᠨ ᠰᠢᠨᠵᠢᠯᠡᠭᠡ ᠬᠢᠵᠦ ᠵᠥᠪᠬᠡᠨ ᠭᠠᠭᠴᠠ ᠷᠸᠶᠠᠯᠢᠰᠲ ᠪᠢᠰᠢ ᠫᠣᠰᠲ ᠮᠤᠳ᠋ᠸᠷᠨᠢ ᠬᠠᠨᠳᠤᠯᠭ᠎ᠠ ᠤᠷᠤᠭᠤ ᠵᠣᠬᠢᠶᠠᠯᠴᠢᠳ ᠣᠷᠣᠭᠰᠠᠨ ᠢ ᠣᠨᠴᠠᠯᠠᠨ ᠲᠡᠮᠳᠡᠭᠯᠡᠪᠡ᠃ ᠥᠭᠦᠯᠡᠯᠭᠡ ᠲᠤᠭᠤᠷᠪᠢᠭᠴᠢᠳ ᠤᠨ ᠳᠤᠮᠳᠠ 21 ᠳ᠋ᠤᠭᠡᠷ ᠵᠠᠭᠤᠨ ᠤ ᠡᠬᠢᠨ ᠳᠦ ᠴᠢᠯᠦᠭᠡᠲᠦ ᠰᠡᠳᠬᠢᠯᠭᠡ᠂ ᠡᠷᠢᠯᠬᠢᠯᠡᠯ ᠯᠠᠪᠰᠢᠷᠠᠨ᠂ ᠰᠢᠨ᠎ᠡ ᠬᠠᠨᠳᠤᠯᠭ᠎ᠠ ᠲᠣᠭᠲᠠᠭᠠᠨ ᠤᠷᠠᠨ ᠰᠠᠶᠢᠬᠠᠨ ᠤ ᠨᠡᠭᠡᠭᠡᠯᠲᠡ ᠬᠢᠵᠦ ᠴᠢᠳᠠᠭᠰᠠᠨ ᠬᠡᠮᠡᠨ ᠳ᠋ᠦᠩᠨᠡᠪᠡ᠃ ᠬᠡᠦᠬᠡᠳ ᠦᠨ ᠵᠣᠬᠢᠶᠠᠯ ᠤᠨ ᠡᠷᠢᠯ ᠬᠠᠶᠢᠭᠤᠯ ᠤᠨ ᠲᠤᠬᠠᠢ ᠳᠤ ᠳ᠋ᠣᠺᠲ᠋ᠣᠷ ᠳ ∙ ᠪᠠᠲᠤᠵᠢᠷᠭᠠᠯ ᠬᠡᠦᠬᠡᠳ ᠦᠨ ᠤᠷᠠᠨ ᠵᠣᠬᠢᠶᠠᠯ ᠳᠤ ᠬᠤᠷᠴᠠ ᠰᠢᠭᠦᠮᠵᠢᠯᠡᠯ ᠬᠡᠷᠡᠭ ᠲᠡᠢ ᠪᠠᠶᠢᠨ᠎ᠠ ᠭᠡᠰᠡᠨ ᠰᠠᠨᠠᠭ᠎ᠠ ᠶᠢ ᠬᠥᠨᠳᠡᠵᠦ ᠶᠠᠷᠢᠯ᠎ᠠ᠃ ᠥᠴᠥᠭᠡᠳᠦᠷ ︽ᠠᠯᠲᠠᠨ ᠥᠳᠥ︾ ᠱᠠᠩᠨᠠᠯ ᠬᠦᠷᠲᠡᠭᠰᠡᠨ ᠲᠢᠶᠠᠲ᠋ᠷ ᠰᠤᠳᠤᠯᠤᠭᠠᠴᠢ᠂ ᠳ᠋ᠣᠺᠲ᠋ᠣᠷ᠂ ᠳᠡᠳ᠋ ᠫᠷᠣᠹᠧᠰᠰᠣᠷ ᠳ∙ᠪᠠᠲᠤᠰᠠᠶᠢᠬᠠᠨ᠂ ᠮᠣᠩᠭᠣᠯ ᠤᠨ ᠵᠦᠴᠦᠭᠡ ᠶᠢᠨ ᠵᠣᠬᠢᠶᠠᠯ ᠰᠢᠨ᠎ᠡ ᠱᠠᠲᠤᠨ ᠳᠤ ᠭᠠᠷᠴᠤ᠂ ᠲᠥᠷᠥᠯ ᠵᠠᠨᠠᠷ᠂ ᠤᠷᠤᠰᠬᠠᠯ ᠴᠢᠭᠯᠡᠯ ᠨᠢ ᠴᠤ ᠣᠯᠠᠨ ᠪᠣᠯᠵᠤ᠂ ᠵᠦᠴᠦᠭᠡ ᠦᠨᠳᠦᠰᠦᠨ ᠳᠦ ᠪᠡᠨ ᠥᠭᠡᠷᠡᠴᠢᠯᠡᠭᠳᠡᠵᠦ ᠪᠠᠶᠢᠭ᠎ᠠ ᠶᠢ ᠢᠯᠡᠳᠬᠡᠯ ᠳᠦ ᠪᠡᠨ ᠳᠤᠷᠠᠳᠤᠭᠰᠠᠨ ᠶᠤᠮ᠃ ᠤᠳᠬ᠎ᠠ ᠵᠣᠬᠢᠶᠠᠯ ᠰᠤᠳᠤᠯᠤᠭᠠᠴᠢ ᠭ∙ᠪᠠᠲᠤᠰᠠᠭᠤᠷᠢ ᠮᠣᠩᠭᠣᠯ ᠤᠨ ᠷᠣᠮᠠᠨ ᠤ ᠠᠯᠳᠠᠭ᠎ᠠ ᠣᠨᠣᠭ᠎ᠠ ᠶᠢ ᠪᠠᠷᠢᠮᠲᠠ ᠲᠠᠢ ᠪᠠᠷ ᠰᠢᠭᠦᠮᠵᠢᠯᠡᠪᠡ᠃ ᠳᠡᠯᠡᠬᠡᠢ ᠳ᠋ᠠᠬᠢᠨ ᠳᠤ ᠷᠣᠮᠠᠨ ᠤ ᠰᠢᠨ᠎ᠡ ᠴᠢᠭ ᠬᠠᠨᠳᠤᠯᠭ᠎ᠠ ᠭᠠᠷᠴᠤ ᠢᠷᠡᠭᠰᠡᠭᠡᠷ ᠪᠠᠶᠢᠨ᠎ᠠ᠃ ᠬᠠᠷᠢᠨ ᠮᠣᠩᠭᠣᠯ ᠵᠣᠬᠢᠶᠠᠯᠴᠢᠳ ᠲᠡᠷᠡ ᠰᠢᠨ᠎ᠡ ᠬᠠᠨᠳᠤᠯᠭ᠎ᠠ ᠤᠷᠤᠭᠤ ᠪᠢᠰᠢ ᠤᠯᠠᠮᠵᠢᠯᠠᠯᠲᠤ ᠬᠠᠨᠳᠤᠯᠭ᠎ᠠ ᠤᠷᠤᠭᠤ ᠪᠠᠨ ᠬᠡᠲᠦ ᠬᠤᠰᠢᠭᠤᠷᠠᠵᠤ ᠪᠠᠶᠢᠨ᠎ᠠ᠃ ᠲᠡᠦᠬᠡᠨ ᠷᠣᠮᠠᠨ ᠪᠢᠴᠢᠳᠡᠭ ᠦᠭᠡᠢ ᠬᠦᠮᠦᠨ ᠠᠯᠠᠭ᠎ᠠ᠃ ᠲᠡᠭᠡᠬᠦ ᠳᠦ ᠪᠡᠨ ᠤᠷᠠᠨ ᠰᠠᠶᠢᠬᠠᠨ ᠤ ᠪᠣᠯᠪᠠᠰᠤᠷᠠᠭᠤᠯᠤᠯᠲᠠ ᠮᠠᠭᠤ᠂ ᠲᠡᠦᠬᠡ ᠶᠢᠨ ᠲᠦᠭᠦᠬᠡᠢ ᠡᠳ᠋ ᠍ ᠢᠶᠡᠷ ᠳᠣᠳᠣᠮᠳᠠᠭᠰᠠᠨ ᠷᠣᠮᠠᠨ ᠣᠯᠠᠰᠢᠷᠠᠵᠤ ᠪᠤᠢ ᠶᠢ ᠬᠤᠷᠴᠠ ᠪᠠᠷ ᠰᠢᠭᠦᠮᠵᠢᠯᠡᠭᠰᠡᠨ᠃ ᠡᠨᠡ ᠬᠤᠷᠠᠯ ᠳᠤ ᠰᠢᠨ᠎ᠡ ᠵᠠᠯᠠᠭᠤ ᠡᠷᠳᠡᠮᠲᠡᠨ ᠰᠤᠳᠤᠯᠤᠭᠠᠴᠢ ᠪᠣᠯᠬᠤ ᠬ∙ᠴᠣᠶᠢᠳᠣᠭᠵᠠᠮᠰᠤ᠂ ᠶᠠ᠊∙ᠪᠠᠶᠠᠷ᠂ ᠳ∙ᠨᠢᠮᠠᠳᠣᠷᠵᠢ ᠨᠠᠷ ᠲᠤᠭᠤᠵᠢ ᠶᠢᠨ ᠪᠢᠴᠢᠯᠭᠡ ᠶᠢᠨ ᠥᠭᠡᠷᠡᠴᠢᠯᠡᠯᠲᠡ᠂ ᠨᠡᠩ ᠰᠢᠨ᠎ᠡ ᠦᠶ᠎ᠡ ᠶᠢᠨ ᠢᠷᠠᠭᠤ ᠨᠠᠶᠢᠷᠠᠭ᠂ ᠰᠢᠨ᠎ᠡ ᠦᠶ᠎ᠡ ᠶᠢᠨ ᠤᠷᠠᠨ ᠵᠣᠬᠢᠶᠠᠯ ᠤᠨ ᠰᠢᠭᠦᠮᠵᠢᠯᠡᠯ ᠦᠨ ᠥᠨᠥ ᠶᠢᠨ ᠪᠠᠶᠢᠳᠠᠯ ᠢ ᠢᠯᠡᠳᠭᠡᠪᠡ᠃

ᠰᠡᠳᠬᠢᠭᠳᠡᠯ ᠦᠯᠡᠳᠡᠭᠡᠬᠦ