︽ᠡᠷᠳᠡᠨᠢᠰ ᠲᠠᠪᠤᠨᠲᠣᠯᠣᠭᠠᠢ︾ 480 ᠲᠡᠷᠪᠤᠮ ᠲᠥᠭᠥᠷᠢᠭ ᠲᠥᠪᠯᠡᠷᠡᠭᠦᠯᠵᠡᠢ | News.MN

︽ᠡᠷᠳᠡᠨᠢᠰ ᠲᠠᠪᠤᠨᠲᠣᠯᠣᠭᠠᠢ︾ 480 ᠲᠡᠷᠪᠤᠮ ᠲᠥᠭᠥᠷᠢᠭ ᠲᠥᠪᠯᠡᠷᠡᠭᠦᠯᠵᠡᠢ

ᠥᠩᠭᠡᠷᠡᠭᠰᠡᠨ ᠣᠨ  ᠳᠤ 30 ᠰᠠᠶ᠎ᠠ ᠲᠣᠨ ᠨᠡᠭᠦᠷᠡᠰᠦ ᠣᠯᠪᠤᠷᠢᠯᠠᠵᠤ ᠪᠣᠷᠣᠯᠠᠭᠤᠯᠤᠭᠰᠠᠨ ᠤ 13.5 ᠰᠠᠶ᠎ᠠ ᠲᠣᠨ ᠨᠢ ᠲᠥᠷᠥ ᠶᠢᠨ ᠥᠮᠴᠢᠲᠤ ︽ᠡᠷᠳᠡᠨᠢᠰ ᠲᠠᠪᠤᠨᠲᠣᠯᠣᠭᠠᠢ︾ ᠳᠦ ᠨᠣᠭᠳᠠᠵᠤ ᠪᠠᠶᠢᠨ᠎ᠠ᠃ ᠲᠤᠰ ᠺᠣᠮᠫᠠᠨᠢ ᠶᠢᠨ ᠭᠦᠢᠴᠡᠳᠭᠡᠬᠦ ᠵᠠᠬᠢᠷᠤᠯ ᠪ∙ᠭᠠᠩᠬᠤᠶᠠᠭ ᠤᠨ ᠮᠡᠳᠡᠭᠳᠡᠵᠦ ᠪᠤᠢ ᠪᠠᠷ᠂ 2018 ᠣᠨ ᠳᠤ 10.7 ᠰᠠᠶ᠎ᠠ ᠲᠣᠨ ᠢ ᠣᠯᠪᠤᠷᠢᠯᠠᠨ᠂ 12.8 ᠰᠠᠶ᠎ᠠ ᠲᠣᠨ ᠢ ᠡᠺᠰᠫᠣᠷᠲᠯᠠᠵᠠᠢ᠃ ᠲᠤᠰ ᠺᠣᠮᠫᠠᠨᠢ 1.86 ᠶᠡᠬᠡ ᠨᠠᠶᠤᠳ ᠲᠥᠭᠥᠷᠢᠭ ᠦᠨ ᠪᠣᠷᠣᠯᠠᠭᠤᠯᠤᠯᠲᠠ ᠶᠢᠨ ᠣᠷᠣᠯᠭ᠎ᠠ ᠪᠦᠷᠢᠳᠦᠭᠦᠯᠦᠨ᠂ ᠤᠯᠤᠰ ᠤᠨ ᠲᠥᠰᠥᠪ ᠲᠦ 480 ᠲᠡᠷᠪᠤᠮ ᠲᠥᠭᠥᠷᠢᠭ ᠲᠥᠪᠯᠡᠷᠡᠭᠦᠯᠵᠦ᠂ 670 ᠲᠡᠷᠪᠤᠮ ᠲᠥᠭᠥᠷᠢᠭ ᠦᠨ ᠴᠡᠪᠡᠷ ᠠᠰᠢᠭ ᠲᠠᠢ ᠠᠵᠢᠯᠯᠠᠵᠠᠢ᠃
ᠮᠣᠩᠭᠣᠯ ᠤᠯᠤᠰ ᠤᠨ ᠲᠥᠷᠥ ᠡᠴᠡ ᠲᠠᠪᠤᠨᠲᠣᠯᠣᠭᠠᠢ ᠣᠷᠳᠣ ᠶᠢ ᠴᠣᠭᠴᠠ ᠪᠠᠷ ᠨᠢ ᠬᠥᠭᠵᠢᠭᠦᠯᠬᠦ ᠪᠡᠷ ᠰᠢᠢᠳᠪᠦᠷᠢᠯᠡᠵᠦ᠂ ᠣᠯᠠᠨ ᠤᠯᠤᠰ ᠤᠨ ᠬᠥᠷᠥᠩᠭᠡ ᠶᠢᠨ ᠵᠠᠬ᠎ᠠ ᠵᠡᠭᠡᠯᠢ ᠳᠦ IPO ᠭᠠᠷᠭᠠᠬᠤ ᠪᠠᠷ ᠪᠡᠯᠡᠳᠬᠡᠯ ᠢᠶᠡᠨ ᠬᠠᠩᠭᠠᠵᠤ᠂ ᠳᠠᠭᠠᠯᠳᠤᠬᠤ ᠲᠣᠮᠣᠬᠠᠨ ᠲᠥᠰᠥᠯ ᠦᠳ ᠪᠣᠯᠬᠤ ᠲᠡᠮᠦᠷ ᠵᠠᠮ᠂ ᠠᠦ᠋ᠲ᠋ᠣ᠋ ᠵᠠᠮ᠂ ᠨᠡᠭᠦᠷᠡᠰᠦ ᠪᠠᠶᠠᠵᠢᠭᠤᠯᠬᠤ ᠦᠢᠯᠡᠳᠪᠦᠷᠢ ᠵᠡᠷᠭᠡ ᠪᠦᠲᠦᠭᠡᠨ ᠪᠠᠶᠢᠭᠤᠯᠤᠯᠲᠠ ᠶᠢᠨ ᠠᠵᠢᠯ ᠢ ᠡᠬᠢᠯᠡᠭᠦᠯᠬᠦ ᠪᠡᠷ ᠠᠵᠢᠯᠯᠠᠵᠤ ᠪᠠᠶᠢᠨ᠎ᠠ᠃ 2019 ᠣᠨ ᠳᠤ ᠣᠯᠪᠤᠷᠢᠯᠠᠬᠤ ᠬᠦᠴᠦᠨ ᠴᠢᠳᠠᠯ ᠢᠶᠠᠨ 18 ᠰᠠᠶ᠎ᠠ ᠲᠣᠨ ᠳᠤ ᠬᠦᠷᠭᠡᠵᠦ᠂ ᠠᠭᠤᠷᠬᠠᠢ ᠶᠢᠨ ᠠᠵᠢᠯᠴᠢᠳ ᠤᠨ ᠬᠣᠲᠠᠬᠠᠨ᠂ ᠣᠹᠹᠢᠰ ᠤᠨ ᠪᠠᠷᠢᠯᠭ᠎ᠠ᠂ ᠵᠠᠮ ᠲᠠᠯᠠᠪᠠᠢ᠂ ᠰᠤᠷᠭᠠᠭᠤᠯᠢ᠂ ᠴᠡᠴᠡᠷᠯᠢᠭ ᠰᠢᠨ᠎ᠡ ᠪᠡᠷ ᠪᠠᠷᠢᠵᠤ᠂ ︽ᠭᠣᠪᠢ ᠶᠢᠨ ᠨᠣᠭᠣᠭᠠᠨ ᠬᠡᠷᠡᠮ ᠲᠥᠰᠥᠯ︾ ᠢ ᠬᠡᠷᠡᠭᠵᠢᠭᠦᠯᠵᠦ᠂ ᠤᠯᠠᠭᠠᠨᠪᠠᠭᠠᠲᠤᠷ ᠬᠣᠲᠠ ᠶᠢᠨ ᠤᠲᠤᠭ᠎ᠠ ᠶᠢ ᠪᠠᠭᠤᠷᠠᠭᠤᠯᠬᠤ ᠳᠤ ᠰᠢᠨᠡᠴᠢᠯᠡᠯ ᠠᠪᠴᠢᠷᠠᠬᠤ ᠰᠢᠬᠠᠮᠠᠯ ᠲᠦᠯᠡᠰᠢᠨ ᠦ ᠦᠢᠯᠡᠳᠪᠦᠷᠢ ᠶᠢ ᠥᠷᠭᠡᠳᠬᠡᠨ ᠪᠠᠶᠢᠭᠤᠯᠵᠤ᠂ ᠨᠡᠭᠦᠷᠡᠰᠦ ᠲᠡᠭᠡᠭᠡᠪᠦᠷᠢ ᠶᠢᠨ ᠵᠢᠯᠣᠭᠣᠴᠢ ᠨᠠᠷ ᠲᠤ ᠵᠣᠷᠢᠭᠤᠯᠤᠭᠰᠠᠨ ᠲᠥᠪ ᠦᠳ ᠢ ᠪᠤᠢ ᠪᠣᠯᠭᠠᠬᠤ ᠵᠡᠷᠭᠡ ᠣᠯᠠᠨ ᠠᠵᠢᠯ ᠢ ᠡᠬᠢᠯᠡᠭᠦᠯᠦᠨ᠎ᠡ᠃

ᠰᠡᠳᠬᠢᠭᠳᠡᠯ ᠦᠯᠡᠳᠡᠭᠡᠬᠦ