ᠮᠠᠯ ᠤᠰᠤᠨ ᠤ ᠲᠠᠭᠤᠪᠤᠷᠢ ᠳᠤ ᠲᠤᠷᠠᠵᠤ ᠡᠴᠡᠵᠦ ᠪᠠᠶᠢᠨ᠎ᠠ | News.MN

ᠮᠠᠯ ᠤᠰᠤᠨ ᠤ ᠲᠠᠭᠤᠪᠤᠷᠢ ᠳᠤ ᠲᠤᠷᠠᠵᠤ ᠡᠴᠡᠵᠦ ᠪᠠᠶᠢᠨ᠎ᠠ

ᠤᠪᠰᠤ ᠠᠶᠢᠮᠠᠭ ᠤᠨ ᠬᠣᠪᠳᠣ ᠰᠤᠮᠤ 2018 ᠣᠨ ‍ᠣ ᠮᠠᠯ ᠲᠣᠭᠠᠯᠠᠯᠭ᠎ᠠ ᠪᠠᠷ ᠨᠡᠶᠢᠲᠡ ᠳᠦ ᠪᠡᠨ 161.6 ᠮᠢᠩᠭᠠᠨ ᠲᠣᠯᠣᠭᠠᠢ ᠮᠠᠯ ᠲᠣᠭᠠᠯᠠᠭᠤᠯᠵᠠᠢ᠃ ᠰᠤᠮᠤ ᠶᠢᠨ ᠡᠪᠡᠰᠦ ᠲᠡᠵᠢᠭᠡᠯ ᠦᠨ ᠨᠦᠭᠡᠴᠡ ᠳᠦ 40 ᠲᠣᠨ  ᠪᠠᠶᠢᠭᠠᠯᠢ ᠶᠢᠨ ᠬᠠᠳᠤᠯᠠᠩ᠂ ᠠᠶᠢᠮᠠᠭ ᠳᠤᠮᠳᠠ ᠶᠢᠨ ᠣᠲᠣᠷ ᠤᠨ ᠪᠥᠰᠡ ᠶᠢᠨ ᠠᠭᠤᠯᠬᠤ ᠳᠤ 700 ᠪᠣᠭᠣᠳᠠᠯ ᠡᠪᠡᠰᠦ ᠲᠠᠲᠠᠨ ᠨᠥᠭᠡᠴᠡᠯᠡᠭᠰᠡᠨ ᠪᠠᠶᠢᠨ᠎ᠠ᠃
ᠲᠤᠰ ᠰᠤᠮᠤ ᠶᠢᠨ ᠨᠤᠲᠤᠭ ᠲᠤ 165 ᠮᠢᠩᠭᠠᠨ ᠲᠣᠯᠣᠭᠠᠢ ᠮᠠᠯ ᠡᠪᠦᠯᠵᠢᠬᠦ ᠰᠤᠳᠤᠯᠭ᠎ᠠ ᠭᠠᠷᠤᠭᠰᠠᠨ ᠠᠴᠠ ᠣᠲᠣᠷ ᠤᠨ ᠪᠥᠰᠡ ᠨᠤᠲᠤᠭ ᠲᠤ 30 ᠮᠠᠯᠴᠢᠨ ᠡᠷᠦᠬᠡ ᠶᠢᠨ 17 ᠮᠢᠩᠭᠠᠨ ᠲᠣᠯᠣᠭᠠᠢ ᠮᠠᠯ᠂ ᠤᠯᠤᠰ ᠤᠨ ᠲᠤᠰᠬᠠᠢ ᠬᠠᠮᠠᠭᠠᠯᠠᠯᠲᠠ ᠶᠢᠨ ᠪᠥᠰᠡ ᠨᠤᠲᠤᠭ ᠲᠤ 6 ᠡᠷᠦᠬᠡ ᠶᠢᠨ 7500 ᠲᠣᠯᠣᠭᠠᠢ ᠮᠠᠯ᠂ ᠪᠦᠬᠡᠮᠦ᠋ᠷᠡᠨ ᠰᠤᠮᠤ ᠶᠢᠨ ᠨᠤᠲᠤᠭ ᠲᠤ 2 ᠪᠠᠭ ᠤᠨ 13 ᠮᠠᠯᠴᠢᠨ ᠡᠷᠦᠬᠡ ᠶᠢᠨ 2000 ᠪᠣᠳᠠ ᠮᠠᠯ ᠣᠲᠣᠷ ᠢᠶᠠᠷ ᠡᠪᠦᠯᠵᠢᠵᠦ ᠪᠠᠶᠢᠭ᠎ᠠ ᠠᠵᠠᠢ ᠃  ︽ᠮᠠᠯᠴᠢᠳ ᠤᠨ ᠭᠣᠣᠯ ᠡᠪᠦᠯᠵᠢᠶᠡᠨ ᠦ ᠪᠥᠰᠡ ᠨᠤᠲᠤᠭ ᠲᠤ ᠮᠠᠯ ᠤᠨ ᠤᠮᠳᠠᠨ ᠤ ᠴᠠᠰᠤ ᠣᠷᠣᠭ᠎ᠠ ᠦᠭᠡᠢ ᠶᠢᠨ ᠤᠯᠠᠮ ᠠᠴᠠ ᠮᠠᠯ ᠤᠰᠤᠨ ᠤ ᠲᠠᠭᠤᠪᠤᠷᠢ ᠳᠤ ᠶᠠᠪᠤᠵᠤ ᠪᠠᠭ᠎ᠠ ᠨᠠᠰᠤᠨ ᠤ ᠮᠠᠯ ᠲᠤᠷᠠᠵᠤ ᠡᠴᠡᠨ ᠨᠡᠮᠡᠯᠲᠡ ᠲᠡᠵᠢᠭᠡᠯ ᠳᠦ ᠤᠷᠤᠬᠤ ᠪᠠᠶᠢᠳᠠᠯ ᠭᠠᠷᠴᠤ ᠡᠬᠢᠯᠡᠭᠰᠡᠨ᠃ ᠮᠠᠯᠴᠢᠳ ᠣᠳᠣ ᠪᠠᠷ ᠬᠣᠷᠭᠣᠯᠵᠢᠨ ᠲᠡᠵᠢᠭᠡᠯ᠂ ᠬᠡᠪᠡᠭ᠂ ᠡᠪᠡᠰᠦᠨ ᠦ ᠵᠠᠬᠢᠶᠠᠯᠠᠭ᠎ᠠ ᠶᠡᠬᠡ ᠪᠡᠷ ᠥᠭᠴᠦ ᠪᠠᠶᠢᠨ᠎ᠠ︾ ᠬᠡᠮᠡᠨ ᠬᠣᠪᠳᠣ ᠰᠤᠮᠤ ᠶᠢᠨ ᠵᠠᠰᠠᠭ ᠳᠠᠷᠤᠭ᠎ᠠ ᠤ᠊∙ᠲᠦᠮᠡᠨᠳᠡᠮᠪᠡᠷᠢᠯ ᠬᠡᠯᠡᠯ᠎ᠡ᠃

ᠰᠡᠳᠬᠢᠭᠳᠡᠯ ᠦᠯᠡᠳᠡᠭᠡᠬᠦ