ᠵᠠᠷᠢᠮ ᠭᠡᠰᠢᠭᠦᠳ ᠬᠤᠷᠠᠯ ᠳᠤ ᠰᠠᠭᠤᠬᠤ ᠦᠭᠡᠢ ᠭᠡᠵᠤ ᠪᠠᠶᠢᠨ᠎ᠠ | News.MN

ᠵᠠᠷᠢᠮ ᠭᠡᠰᠢᠭᠦᠳ ᠬᠤᠷᠠᠯ ᠳᠤ ᠰᠠᠭᠤᠬᠤ ᠦᠭᠡᠢ ᠭᠡᠵᠤ ᠪᠠᠶᠢᠨ᠎ᠠ

ᠤᠯᠤᠰ ᠤᠨ ᠶᠡᠬᠡ ᠬᠤᠷᠠᠯ ᠳ᠋ᠡᠬᠢ ᠶᠣᠰᠣ ᠵᠦᠢ ᠶᠢᠨ ᠳᠡᠳ᠋ ᠬᠣᠷᠢᠶᠠᠨ ᠤ ᠬᠤᠷᠠᠯᠳᠤᠭᠠᠨ ᠥᠨᠥᠳᠥᠷ  ︵2019.01.08︶ ᠢᠷᠡᠴᠡ ᠬᠦᠷᠦᠭᠡ ᠦᠭᠡᠢ ᠡᠴᠡ ᠵᠢᠷᠭᠤᠭ᠎ᠠ ᠳ᠋ᠡᠬᠢ ᠤᠳᠠᠭ᠎ᠠ ᠬᠤᠶᠢᠰᠢᠯᠠᠪᠠ᠃ ᠲᠤᠰ ᠪᠠᠶᠢᠩᠭᠤ ᠶᠢᠨ ᠬᠣᠷᠢᠶᠠᠨ ᠤ ᠬᠤᠷᠠᠯᠳᠤᠭᠠᠨ ᠢᠶᠠᠷ ᠮᠠᠰᠢ ᠣᠯᠠᠨ ᠠᠰᠠᠭᠤᠳᠠᠯ ᠬᠡᠯᠡᠯᠴᠡᠭᠳᠡᠬᠦ ᠪᠡᠷ ᠬᠦᠯᠢᠶᠡᠭᠳᠡᠵᠦ ᠪᠠᠶᠢᠭ᠎ᠠ᠃ ᠵᠢᠱᠢᠶᠡᠯᠡᠪᠡᠯ ᠵᠢᠵᠢᠭ ᠳᠤᠮᠳᠠ ᠦᠢᠯᠡᠳᠪᠤᠷᠢ ᠶᠢ ᠬᠦᠭᠵᠢᠭᠦᠯᠬᠦ ᠰᠠᠩ᠍ ᠠᠴᠠ ᠵᠢᠭᠡᠯᠡ ᠠᠪᠤᠭᠰᠠᠨ ᠭᠡᠰᠢᠭᠦᠳ ᠦᠨ ᠠᠰᠠᠭᠤᠳᠠᠯ᠂ ︽60 ᠲᠡᠷᠪᠤᠮ︾ ᠵᠡᠷᠭᠡ ᠠᠰᠠᠭᠤᠳᠠᠯ ᠢ ᠬᠡᠯᠡᠯᠴᠡᠭᠳᠡᠬᠦ ᠪᠡᠷ ᠬᠦᠯᠢᠶᠡᠭᠳᠡᠵᠦ ᠪᠠᠶᠢᠭ᠎ᠠ ᠶᠤᠮ᠃
ᠡᠭᠦᠨ ᠳᠦ ᠶᠣᠰᠣ ᠵᠦᠢ ᠶᠢᠨ ᠳᠡᠳ᠋ ᠬᠣᠷᠢᠶᠠᠨ ᠤ ᠳᠠᠷᠤᠭ᠎ᠠ ᠰ∙ᠪᠢᠮᠪᠠᠴᠤᠭᠲᠤ᠄ ᠶᠡᠷᠦ ᠨᠢ ᠪᠣᠯ ᠢᠷᠡᠴᠡ ᠬᠦᠷᠬᠦ ᠦᠭᠡᠢ ᠪᠠᠶᠢᠭᠰᠠᠭᠠᠷ ᠵᠢᠷᠭᠤᠭ᠎ᠠ ᠳ᠋ᠡᠬᠢ ᠤᠳᠠᠭ᠎ᠠ ᠪᠠᠨ ᠳᠡᠳ᠋ ᠬᠣᠷᠢᠶᠠᠨ ᠤ ᠬᠤᠷᠠᠯᠳᠤᠭᠠᠨ ᠬᠣᠶᠢᠰᠢᠯᠠᠯ᠎ᠠ᠃  ᠪᠢᠳᠡ ᠢᠷᠭᠡᠳ᠂ ᠠᠯᠪᠠᠨ ᠪᠠᠶᠢᠭᠤᠯᠤᠯᠭ᠎ᠠ᠂ ᠲᠣᠳᠣᠷᠬᠠᠢ ᠬᠦᠮᠦᠰ ᠦᠨ ᠰᠠᠨᠠᠯ ᠢᠶᠠᠷ ᠬᠤᠷᠠᠯᠳᠤᠳᠠᠭ᠃ ᠭᠡᠰᠢᠭᠦᠳ ᠦᠨ ᠬᠥᠷᠥᠩᠭᠡ ᠣᠷᠣᠯᠭ᠎ᠠ ᠶᠢᠨ ᠮᠡᠳᠡᠭᠦᠯᠭᠡ᠂ ︽60 ᠲᠡᠷᠪᠤᠮ︾᠂ ᠵᠢᠵᠢᠭ ᠳᠤᠮᠳᠠ ᠦᠢᠯᠡᠳᠪᠤᠷᠢ ᠶᠢ ᠬᠦᠭᠵᠢᠭᠦᠯᠬᠦ ᠰᠠᠩ᠍ ᠍ ᠠᠴᠠ ᠵᠢᠭᠡᠯᠡ ᠠᠪᠤᠭᠰᠠᠨ ᠭᠡᠰᠢᠭᠦᠳ ᠦᠨ ᠶᠣᠰᠣ ᠵᠦᠢ ᠲᠡᠢ ᠬᠣᠯᠪᠣᠭ᠎ᠠ ᠲᠠᠢ ᠣᠯᠠᠨ ᠠᠰᠠᠭᠤᠳᠠᠯ ᠬᠦᠯᠢᠶᠡᠭᠳᠡᠵᠦ ᠪᠠᠶᠢᠨ᠎ᠠ᠃ ᠬᠤᠷᠠᠯᠳᠤᠭᠠᠨ ᠵᠣᠬᠢᠶᠠᠨ ᠪᠠᠶᠢᠭᠤᠯᠬᠤ ᠬᠡᠯᠲᠡᠰ᠂ ᠪᠢ ᠭᠡᠰᠢᠭᠦᠳ ᠲᠦ ᠤᠲᠠᠰᠤ ᠪᠠᠷ ᠬᠡᠯᠡᠵᠦ᠂ ᠤᠳᠠᠭ᠎ᠠ ᠳᠠᠷᠠᠭ᠎ᠠ ᠰᠠᠨᠠᠭᠤᠯᠵᠤ ᠪᠠᠶᠢᠭ᠎ᠠ᠃ ᠵᠠᠷᠢᠮ ᠭᠡᠰᠢᠭᠦᠳ ᠬᠤᠷᠠᠯᠳᠤᠭᠠᠨ ᠳᠤ ᠣᠷᠣᠯᠴᠠᠬᠤ ᠦᠭᠡᠢ ᠭᠡᠳᠡᠭ ᠢᠶᠡᠨ ᠢᠯᠡ ᠴᠠᠭᠠᠨ ᠬᠡᠯᠡᠵᠦ ᠪᠠᠶᠢᠨ᠎ᠠ᠃ ᠶᠣᠰᠣ ᠵᠦᠢ ᠶᠢᠨ ᠳᠡᠳ᠋ ᠬᠣᠷᠢᠶᠠᠨ ᠤ ᠭᠡᠰᠢᠭᠦᠳ ᠢ ᠥᠭᠡᠷᠡᠴᠢᠯᠡᠬᠦ ᠠᠰᠠᠭᠤᠳᠠᠯ ᠢ ᠤᠯᠤᠰ ᠤᠨ ᠶᠡᠬᠡ ᠬᠤᠷᠠᠯ ᠤᠨ ᠳᠠᠷᠤᠭ᠎ᠠ ᠬᠡᠯᠡᠵᠦ ᠪᠠᠶᠢᠭᠰᠠᠨ᠃ ᠡᠨᠡ ᠠᠰᠠᠭᠤᠳᠠᠯ ᠢ ᠲᠥᠷᠥ ᠶᠢᠨ ᠪᠠᠶᠢᠭᠤᠯᠤᠯᠲᠠ ᠶᠢᠨ ᠪᠠᠶᠢᠩᠭᠤ ᠶᠢᠨ ᠬᠣᠷᠢᠶ᠎ᠠ ᠰᠢᠢᠳᠳᠡᠭ᠃ ᠭᠡᠲᠡᠯ᠎ᠡ ᠥᠨᠥᠳᠥᠷ ᠪᠠᠶᠢᠩᠭᠤ ᠶᠢᠨ ᠬᠣᠷᠢᠶ᠎ᠠ ᠨᠢ ᠴᠤ ᠬᠤᠷᠠᠯᠳᠤᠵᠤ ᠴᠢᠳᠠᠬᠤ ᠦᠭᠡᠢ ᠪᠠᠶᠢᠨ᠎ᠠ ᠰᠢᠦ ᠳ᠋ᠡ ᠭᠡᠳᠡᠭ ᠲᠠᠶᠢᠯᠪᠤᠷᠢ ᠶᠢ ᠦᠭᠭᠦᠯ᠎ᠡ᠃
ᠱ᠂ ᠴᠢᠮᠡᠭ

ᠰᠡᠳᠬᠢᠭᠳᠡᠯ ᠦᠯᠡᠳᠡᠭᠡᠬᠦ