ᠮᠣᠩᠭᠣᠯ ᠪᠠᠩᠬᠢ ᠢᠫᠣᠲ᠋ᠧᠺ ᠤᠨ ᠵᠢᠭᠡᠯᠡ ᠶᠢ ᠵᠠᠰᠠᠭ ᠤᠨ ᠭᠠᠵᠠᠷ ᠲᠤ ᠰᠢᠯᠵᠢᠭᠦᠯᠦᠭᠰᠡᠨ ᠢᠶᠡᠷ ᠰᠠᠩᠬᠦᠦᠵᠢᠯᠲᠠ ᠪᠠᠭᠤᠷᠠᠵᠤ᠂ ᠵᠢᠭᠡᠯᠡ ᠠᠪᠬᠤ ᠪᠣᠯᠤᠮᠵᠢ ᠪᠠᠭᠠᠰᠬᠤ ᠪᠤᠢ ᠭᠡᠰᠡᠨ ᠪᠣᠯᠭᠣᠮᠵᠢᠯᠠᠯ ᠢᠷᠭᠡᠳ ᠲᠦ ᠪᠠᠶᠢᠭ᠎ᠠ ᠶᠤᠮ᠃ ᠡᠨᠡ ᠲᠠᠯ᠎ᠠ ᠪᠠᠷ ︽ᠬᠤᠷᠳᠤ︾ ᠠᠭ᠍ᠸᠨᠲᠯᠢᠭ ᠮᠣᠩᠭᠣᠯ ᠪᠠᠩᠬᠢ ᠠᠴᠠ ᠲᠣᠳᠣᠷᠠᠭᠤᠯᠬᠤ ᠳᠤ ᠵᠠᠰᠠᠭ ᠤᠨ ᠭᠠᠵᠠᠷ ᠤᠨ ᠲᠥᠰᠥᠪ ᠦᠨ ᠪᠣᠯᠤᠮᠵᠢ ᠠᠴᠠ ᠰᠢᠯᠲᠠᠭᠠᠯᠠᠨ 2020 ᠣᠨ ᠬᠦᠷᠲᠡᠯ᠎ᠡ ᠮᠣᠩᠭᠣᠯ ᠪᠠᠩᠬᠢ ᠢᠫᠣᠲ᠋ᠧᠺ ᠤᠨ ᠵᠢᠭᠡᠯᠡ ᠶᠢ ᠦᠷᠭᠦᠯᠵᠢᠭᠦᠯᠦᠨ ᠬᠡᠷᠡᠭᠵᠢᠭᠦᠯᠬᠦ ᠪᠡᠷ ᠪᠣᠯᠤᠭᠰᠠᠨ ᠢᠶᠠᠨ ᠮᠡᠳᠡᠭᠳᠡᠯ᠎ᠡ᠃
2018 ᠣᠨ ᠳᠤ ᠣᠷᠣᠨ ᠰᠠᠭᠤᠴᠠᠨ ᠤ ᠨᠠᠢᠮᠠᠨ ᠬᠤᠪᠢ ᠶᠢᠨ ᠵᠢᠭᠡᠯᠡ ᠳᠦ ᠵᠠᠷᠤᠴᠠᠭᠤᠯᠤᠭᠰᠠᠨ 300 ᠍ ᠊ᠭᠠᠳ ᠲᠡᠷᠪᠤᠮ ᠲᠥᠭᠥᠷᠢᠭ ᠦᠨ ᠵᠢᠭᠡᠯᠡ ᠶᠢᠨ 180 ᠲᠡᠷᠪᠤᠮ ᠢ ᠮᠣᠩᠭᠣᠯ ᠪᠠᠩᠬᠢ᠂ 120 ᠲᠡᠷᠪᠤᠮ ᠲᠥᠭᠥᠷᠢᠭ ᠢ ᠵᠠᠰᠠᠭ ᠤᠨ ᠭᠠᠵᠠᠷ ᠰᠠᠩᠬᠦᠦᠵᠢᠭᠦᠯᠦᠭᠰᠡᠨ ᠪᠠᠶᠢᠨ᠎ᠠ᠃ ᠡᠨᠡ ᠣᠨ ᠳᠤ ᠮᠥᠨ ᠡᠶᠢᠮᠦ ᠬᠡᠮᠵᠢᠶᠡᠨ ᠦ ᠵᠢᠭᠡᠯᠡ ᠶᠢ ᠢᠷᠭᠡᠳ ᠲᠦ ᠣᠯᠭᠤᠬᠤ ᠪᠠᠷ ᠪᠣᠯᠤᠭᠰᠠᠨ᠃ ᠴᠢᠨᠠᠭᠰᠢᠳᠠ ᠣᠯᠠᠨ ᠤᠯᠤᠰ ᠤᠨ ᠵᠠᠬ᠎ᠠ ᠵᠡᠭᠡᠯᠢ ᠡᠴᠡ ᠬᠢᠮᠳᠠ ᠡᠬᠢ ᠡᠭᠦᠰᠪᠦᠷᠢ ᠲᠡᠢ ᠬᠥᠷᠥᠩᠭᠡ ᠲᠠᠲᠠᠵᠤ ᠴᠢᠳᠠᠪᠠᠯ ᠵᠢᠯ ᠳᠦ ᠭᠠᠷᠭᠠᠵᠤ ᠪᠠᠶᠢᠭ᠎ᠠ ᠰᠠᠩᠬᠦᠦᠵᠢᠯᠲᠠ ᠶᠢ ᠨᠡᠮᠡᠬᠦ ᠪᠣᠯᠤᠮᠵᠢ ᠲᠠᠢ ᠭᠡᠵᠦ ᠦᠵᠡᠵᠦ ᠪᠠᠶᠢᠨ᠎ᠠ᠃ ᠬᠠᠷᠢᠨ ᠪᠠᠩᠬᠢᠨ ᠤ ᠬᠠᠳᠠᠭᠠᠯᠠᠮᠵᠢ ᠶᠢᠨ ᠬᠦᠦ ᠵᠢᠯ ᠦᠨ 12 ᠬᠤᠪᠢ ᠪᠠᠶᠢᠭ᠎ᠠ ᠨᠥᠬᠥᠴᠡᠯ ᠳᠦ ᠠᠷᠠᠯᠵᠢᠶᠠᠨ ᠤ ᠪᠠᠩᠬᠢᠨ ᠤ ᠡᠬᠢ ᠡᠭᠦᠰᠪᠦᠷᠢ ᠪᠡᠷ ᠰᠠᠩᠬᠦᠦᠵᠢᠭᠦᠯᠬᠦ ᠪᠣᠯᠤᠮᠵᠢ ᠦᠭᠡᠢ ᠪᠠᠶᠢᠭ᠎ᠠ ᠶᠤᠮ᠃ ᠢᠫᠣᠲ᠋ᠧᠺ ᠤᠨ ᠵᠢᠭᠡᠯᠡ ᠬᠡᠷᠡᠭᠵᠢᠵᠦ ᠡᠬᠢᠯᠡᠭᠰᠡᠨ ᠡᠴᠡ ᠬᠣᠶᠢᠰᠢ ᠮᠠᠨ ᠤ ᠤᠯᠤᠰ ᠨᠡᠶᠢᠲᠡ ᠳᠥᠷᠪᠡᠨ ᠶᠡᠬᠡ ᠨᠠᠶᠤᠳ ᠲᠥᠭᠥᠷᠢᠭ ᠦᠨ ᠵᠢᠭᠡᠯᠡ ᠣᠯᠭᠤᠭᠠᠳ ᠪᠠᠶᠢᠨ᠎ᠠ᠃