UWW ᠤ ᠰᠢᠭᠦᠭᠴᠢᠳ ᠦᠨ ᠵᠥᠪᠯᠡᠯ ᠡᠴᠡ 2018 ᠣᠨ ᠳᠤ ᠣᠯᠠᠨ ᠤᠯᠤᠰ ᠤᠨ ᠵᠡᠷᠭᠡ ᠠᠬᠢᠭᠤᠯᠤᠭᠰᠠᠨ ᠰᠢᠭᠦᠭᠴᠢᠳ ᠦᠨ ᠨᠡᠷᠡᠰ ᠢ ᠠᠯᠪᠠᠨ ᠶᠣᠰᠣᠭᠠᠷ ᠵᠠᠷᠯᠠᠵᠠᠢ᠃ ᠮᠠᠨ ᠤ ᠤᠯᠤᠰ ᠠᠴᠠ ᠣᠯᠠᠨ ᠤᠯᠤᠰ ᠤᠨ ᠳᠥᠷᠪᠡᠨ ᠰᠢᠭᠦᠭᠴᠢ ᠵᠡᠷᠭᠡ ᠠᠬᠢᠭᠤᠯᠬᠤ ᠰᠢᠯᠭᠠᠯᠲᠠ ᠪᠠᠨ ᠠᠮᠵᠢᠯᠲᠠ ᠲᠠᠢ ᠥᠭᠭᠦᠭᠰᠡᠨ ᠪᠠᠶᠢᠨ᠎ᠠ᠃ ᠲᠣᠳᠣᠷᠠᠭᠤᠯᠪᠠᠯ᠂ ᠣᠯᠠᠨ ᠤᠯᠤᠰ ᠤᠨ ᠬᠣᠶᠠᠳᠤᠭᠠᠷ ᠵᠡᠷᠭᠡ ᠶᠢᠨ ᠰᠢᠭᠦᠭᠴᠢ ᠪᠠᠲᠤᠲᠤᠯᠭ᠎ᠠ ᠶᠢᠨ ᠠᠯᠲᠠᠨᠭᠠᠳᠠᠰᠤ I ᠵᠡᠷᠭᠡ᠂ ᠣᠯᠠᠨ ᠤᠯᠤᠰ ᠤᠨ ᠭᠤᠷᠪᠠᠳᠤᠭᠠᠷ ᠵᠡᠷᠭᠡ ᠶᠢᠨ ᠰᠢᠭᠦᠭᠴᠢ ᠫᠠᠯᠮᠠᠳᠣᠷᠵᠢ ᠶᠢᠨ ᠪᠠᠲᠤᠪᠠᠭᠠᠲᠤᠷ᠂ ᠭᠠᠳᠠᠨ ᠤ ᠠᠮᠤᠷᠬᠦᠦ᠂ ᠪᠠᠲᠤᠨᠤᠪ ᠤᠨ ᠡᠷᠳᠡᠨᠢᠪᠣᠯ ᠳᠤ II ᠵᠡᠷᠭᠡ ᠶᠢᠨ ᠰᠢᠭᠦᠭᠴᠢ ᠪᠣᠯᠵᠠᠢ᠃ ᠪ∙ᠠᠯᠲᠠᠨᠭᠠᠳᠠᠰᠤ 2018 ᠣᠨ ᠤ ᠲᠠᠪᠤᠳᠤᠭᠠᠷ ᠰᠠᠷ᠎ᠠ ᠳᠤ ᠦᠽᠪᠸᠺᠰᠲ᠋ᠠᠨ ᠤ ᠨᠡᠶᠢᠰᠯᠡᠯ ᠲᠠᠱᠺᠧᠨᠲ ᠲᠦ ᠪᠣᠯᠤᠭᠰᠠᠨ ᠥᠰᠪᠦᠷᠢ ᠦᠶ᠎ᠡ ᠶᠢᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ᠂ ᠪᠤᠰᠤᠳ ᠨᠢ ᠵᠢᠷᠭᠤᠳᠤᠭᠠᠷ ᠰᠠᠷ᠎ᠠ ᠳᠤ ᠤᠯᠠᠭᠠᠨᠪᠠᠭᠠᠲᠤᠷ ᠲᠤ ᠪᠣᠯᠤᠭᠰᠠᠨ ︽ᠮᠣᠩᠭᠣᠯᠢᠶᠠ ᠣᠫᠧᠨ︾ ᠣᠯᠠᠨ ᠤᠯᠤᠰ ᠤᠨ ᠲᠡᠮᠡᠴᠡᠭᠡᠨ ᠦ ᠦᠶ᠎ᠡ ᠪᠡᠷ ᠰᠢᠭᠦᠭᠴᠢᠳ ᠦᠨ ᠵᠡᠷᠭᠡ ᠠᠬᠢᠭᠤᠯᠬᠤ ᠰᠢᠯᠭᠠᠯᠲᠠ ᠪᠠᠨ ᠥᠭᠭᠦᠭᠰᠡᠨ ᠶᠤᠮ ᠃