ᠡᠬᠡ ᠪᠠᠷᠢᠬᠤ᠂ ᠡᠮᠡᠭᠲᠡᠶᠢᠴᠦᠳ ᠦᠨ ᠡᠮᠴᠢ ᠨᠠᠷ ᠶᠠᠫᠣᠨ ᠤᠯᠤᠰ ᠲᠤ ᠡᠰᠡᠨ ᠮᠡᠨᠳᠦ ᠠᠮᠤᠷᠵᠢᠬᠤᠢ ᠳᠤ ᠴᠢᠭᠯᠡᠭᠰᠡᠨ ᠡᠮᠴᠢ᠂ ᠡᠬᠡ ᠪᠠᠷᠢᠭᠴᠢ ᠨᠠᠷ ᠤᠨ ᠰᠤᠷᠭᠠᠯᠲᠠ ᠳᠤ 2014 ᠣᠨ ᠠᠴᠠ ᠬᠣᠶᠢᠰᠢ ᠬᠠᠮᠤᠷᠤᠭᠳᠠᠵᠤ ᠪᠤᠢ᠃ ᠥᠩᠭᠡᠷᠡᠭᠰᠡᠨ ᠵᠢᠯ ᠭᠡᠬᠦ ᠳᠦ ᠭᠣᠪᠢ-ᠠᠯᠲᠠᠢ᠂ ᠥᠪᠦᠷᠬᠠᠩᠭᠠᠢ ᠠᠶᠢᠮᠠᠭ ᠤᠨ 35 ᠰᠤᠮᠤ ᠶᠢᠨ ᠡᠮᠴᠢ ᠶᠢ ᠡᠬᠡ ᠪᠠᠷᠢᠬᠤ᠂ ᠡᠮᠡᠭᠲᠡᠶᠢᠴᠦᠳ ᠦᠨ ᠡᠪᠡᠳᠴᠢᠨ ᠦ ᠴᠢᠭᠯᠡᠯ ᠢᠶᠡᠷ ᠶᠠᠫᠣᠨ ᠳᠤ ᠰᠤᠷᠭᠠᠭᠰᠠᠨ ᠪᠣᠯ ᠡᠨᠡ ᠤᠳᠠᠭ᠎ᠠ ᠳᠤ ᠨᠠᠢᠮᠠᠨ ᠡᠮᠴᠢ ᠶᠢ ᠨᠢᠭᠡ ᠰᠠᠷ᠎ᠠ ᠶᠢᠨ ᠰᠤᠷᠭᠠᠯᠲᠠ ᠳᠤ ᠬᠠᠮᠤᠷᠤᠭᠤᠯᠬᠤ ᠪᠠᠷ ᠪᠣᠯᠵᠠᠢ᠃ ᠡᠨᠡ ᠤᠳᠠᠭ᠎ᠠ ᠶᠢᠨ ᠰᠤᠷᠭᠠᠯᠲᠠ ᠳᠤ ᠵᠠᠪᠬᠠᠨ᠂ ᠳᠠᠷᠬᠠᠨ-ᠠᠭᠤᠯᠠ᠂ ᠬᠥᠪᠰᠥᠭᠥᠯ᠂ ᠤᠪᠰᠤ ᠠᠶᠢᠮᠠᠭ ᠤᠨ ᠡᠬᠡ ᠪᠠᠷᠢᠬᠤ᠂ ᠡᠮᠡᠭᠲᠡᠶᠢᠴᠦᠳ ᠦᠨ ᠨᠠᠢᠮᠠᠨ ᠡᠮᠴᠢ ᠪᠠᠭᠲᠠᠵᠤ ᠪᠠᠶᠢᠨ᠎ᠠ᠃
ᠤᠭ ᠰᠤᠷᠭᠠᠯᠲᠠ ᠶᠢ ᠭᠤᠷᠪᠠᠨ ᠵᠢᠯ ᠳᠠᠷᠠᠭᠠᠯᠠᠨ ᠶᠠᠪᠤᠭᠤᠯᠬᠤ ᠪᠠᠷ ᠲᠥᠯᠥᠪᠯᠡᠭᠰᠡᠨ ᠪᠥᠭᠡᠳ ᠬᠤᠶᠠᠳᠠᠬᠢ ᠵᠢᠯ ᠳᠦ ᠥᠪᠦᠷᠬᠠᠩᠭᠠᠢ᠂ ᠬᠣᠪᠳᠣ᠂ ᠳᠣᠷᠣᠨᠠᠲᠤ ᠠᠶᠢᠮᠠᠭ ᠤᠨ ᠪᠥᠰᠡ ᠶᠢᠨ ᠣᠨᠣᠰᠢᠯᠠᠭ᠎ᠠ᠂ ᠡᠮᠴᠢᠯᠡᠭᠡᠨ ᠦ ᠲᠥᠪ᠂ ᠡᠬᠡ ᠨᠢᠯᠬᠠᠰ ᠤᠨ ᠡᠷᠡᠭᠦᠯ ᠮᠡᠨᠳᠦ ᠶᠢᠨ ᠦᠨᠳᠦᠰᠦᠨ ᠦ ᠲᠦᠪ᠂ ᠨᠡᠶᠢᠰᠯᠡᠯ ᠦᠨ ᠬᠣᠶᠠᠳᠤᠭᠠᠷ ᠠᠮᠤᠷᠵᠢᠬᠤ ᠭᠠᠵᠠᠷ ᠤᠨ ᠬᠢᠨ ᠶᠠᠫᠣᠨ ᠳᠤ ᠰᠤᠷᠤᠯᠴᠠᠨ᠎ᠠ᠃