ᠲᠸᠯᠸᠢᠰ ᠦᠨ ᠨᠠᠭᠠᠳᠤᠮ ᠳᠤ Mongol TV ᠤᠷᠤᠯᠴᠠᠨ᠎ᠠ | News.MN

ᠲᠸᠯᠸᠢᠰ ᠦᠨ ᠨᠠᠭᠠᠳᠤᠮ ᠳᠤ Mongol TV ᠤᠷᠤᠯᠴᠠᠨ᠎ᠠ

ᠠᠽᠢᠶ᠎ᠠ ᠶᠢᠨ ᠲᠸᠯᠸᠢᠰ ᠦᠨ ᠰᠠᠯᠪᠤᠷᠢ ᠶᠢᠨ ᠰᠢᠯᠢᠳᠡᠭ ᠦᠳ ᠢ ᠲᠣᠳᠣᠷᠠᠭᠤᠯᠳᠠᠭ Asian Television Awards ᠨᠠᠭᠠᠳᠤᠮ 23 ᠳ᠋ᠡᠬᠢ ᠵᠢᠯ ᠳᠦ ᠪᠡᠨ ᠮᠠᠯᠠᠶᠢᠰᠢᠶ᠎ᠠ ᠤᠯᠤᠰ ᠲᠤ ᠨᠢᠭᠡᠳᠦᠭᠡᠷ ᠰᠠᠷ᠎ᠠ ᠶᠢᠨ 11 ᠦ ᠡᠳᠦᠷ ᠵᠣᠬᠢᠶᠠᠨ ᠪᠠᠶᠢᠭᠤᠯᠤᠭᠳᠠᠬᠤ ᠭᠡᠵᠦ ᠪᠠᠶᠢᠨ᠎ᠠ᠃ ᠲᠤᠰ ᠨᠠᠭᠠᠳᠤᠮ ᠢ ᠠᠽᠢᠶ᠎ᠠ ᠶᠢᠨ ᠲᠡᠷᠢᠭᠦᠯᠡᠬᠦ ᠲᠸᠯᠸᠢᠰ ᠦᠳ 1996 ᠣᠨ ᠠᠴᠠ ᠡᠬᠢᠯᠡᠨ ᠵᠢᠯ ᠪᠦᠷᠢ ᠵᠣᠬᠢᠶᠠᠨ ᠪᠠᠶᠢᠭᠤᠯᠬᠤ ᠪᠣᠯᠵᠠᠢ᠃ ᠡᠨᠡ ᠵᠢᠯ ᠠᠩᠬ᠎ᠠ ᠤᠳᠠᠭ᠎ᠠ ᠮᠣᠩᠭᠣᠯ ᠤᠯᠤᠰ ᠠᠴᠠ Mongol HD ᠲᠸᠯᠸᠢᠰ ᠦᠨ ᠭᠤᠷᠪᠠᠨ ᠨᠡᠪᠲᠡᠷᠡᠭᠦᠯᠭᠡ᠂ ᠳᠥᠷᠪᠡᠨ ᠨᠤᠮᠢᠨᠠᠼ ᠲᠤ ᠨᠡᠷ᠎ᠡ ᠳᠡᠪᠰᠢᠵᠦ ᠪᠠᠶᠢᠭ᠎ᠠ ᠠᠵᠢ᠃ ᠲᠣᠳᠣᠷᠠᠭᠤᠯᠪᠠᠯ᠂ The Voice of Mongolia᠂ Shark Tank᠂  ︽ᠲᠥᠷᠥᠬᠦ ᠥᠷᠥᠭᠡᠨ ᠦ ᠲᠣᠭᠯᠠᠭᠠᠮ︾ ᠵᠡᠷᠭᠡ ᠪᠦᠲᠦᠭᠡᠯ ᠦᠳ ᠥᠷᠢᠰᠦᠯᠳᠦᠨ᠎ᠠ᠃
ᠨᠠᠭᠠᠳᠤᠮ ᠤᠨ ᠰᠢᠯᠢᠳᠡᠭ ᠦᠳ ᠢ ᠠᠽᠢᠶ᠎ᠠ ᠲᠢᠪ ᠦᠨ ᠥᠨᠴᠥᠭ ᠪᠤᠯᠤᠨ ᠪᠦᠷᠢ ᠡᠴᠡ ᠰᠣᠩᠭᠣᠭᠳᠠᠭᠰᠠᠨ 60 ᠰᠢᠭᠦᠭᠴᠢ ᠲᠣᠳᠣᠷᠠᠭᠤᠯᠳᠠᠭ ᠪᠥᠭᠡᠳ ᠰᠣᠩᠭᠣᠨ ᠰᠢᠯᠭᠠᠷᠠᠭᠤᠯᠤᠯᠲᠠ ᠳᠤ ᠣᠯᠠᠨ ᠤᠯᠤᠰ ᠤᠨ ᠠᠦ᠋ᠳᠢᠲ ᠤᠨ PWC ᠠᠭ᠍ᠸᠨᠲᠯᠢᠭ ᠬᠢᠨᠠᠯᠲᠠ ᠲᠠᠯᠪᠢᠳᠠᠭ ᠃

  ᠪᠤᠷᠮ᠎ᠠ

ᠰᠡᠳᠬᠢᠭᠳᠡᠯ ᠦᠯᠡᠳᠡᠭᠡᠬᠦ