ᠤᠷᠠᠨ ᠵᠣᠬᠢᠶᠠᠯ ᠤᠨ ᠲᠥᠷᠬᠥ ᠬᠡᠪᠲᠡᠷᠢ ᠶᠢᠨ ᠡᠪᠡᠳᠴᠢᠲᠡᠨ ᠰᠢᠭ ᠪᠠᠶᠢᠨ᠎ᠠ | News.MN

ᠤᠷᠠᠨ ᠵᠣᠬᠢᠶᠠᠯ ᠤᠨ ᠲᠥᠷᠬᠥ ᠬᠡᠪᠲᠡᠷᠢ ᠶᠢᠨ ᠡᠪᠡᠳᠴᠢᠲᠡᠨ ᠰᠢᠭ ᠪᠠᠶᠢᠨ᠎ᠠ

ᠮᠣᠩᠭᠣᠯ ᠤᠨ ᠵᠣᠬᠢᠶᠠᠯᠴᠢᠳ ᠤᠨ ᠡᠪᠯᠡᠯ ᠦᠨ ᠲᠡᠦᠬᠡᠲᠦ 90 ᠵᠢᠯ ᠦᠨ ᠣᠢ ᠨᠢᠭᠡᠳᠦᠭᠡᠷ ᠰᠠᠷ᠎ᠠ ᠶᠢᠨ 9 ᠳᠦ ᠲᠣᠬᠢᠶᠠᠨ᠎ᠠ᠃ ᠣᠢ ᠶᠢ ᠤᠭᠲᠤᠨ ᠥᠩᠭᠡᠷᠡᠭᠴᠢ ᠳᠣᠯᠣᠭ᠎ᠠ ᠬᠣᠨᠣᠭ ᠢ ᠤᠷᠠᠨ ᠵᠣᠬᠢᠶᠠᠯ ᠤᠨ ᠡᠳᠦᠷ ᠦᠳ ᠪᠣᠯᠭᠠᠨ ᠲᠡᠮᠳᠡᠭᠯᠡᠵᠦ᠂ ᠢᠷᠠᠭᠤ ᠨᠠᠶᠢᠷᠠᠭᠴᠢᠳ ᠤᠨ ᠬᠥᠷᠥᠭ ᠢ ᠳᠡᠯᠭᠡᠭᠰᠡᠨ ᠶᠤᠮ᠃ ᠥᠨᠥᠳᠥᠷ ︵2019.01.07︶ ︽ᠴᠢᠩᠭᠢᠰ︾ ᠵᠣᠴᠢᠳ ᠪᠠᠭᠤᠳᠠᠯ ᠳᠤ ︽ᠮᠣᠩᠭᠣᠯ ᠤᠨ ᠣᠷᠴᠢᠨ ᠦᠶ᠎ᠡ ᠶᠢᠨ ᠤᠷᠠᠨ ᠵᠣᠬᠢᠶᠠᠯ ᠰᠤᠶᠤᠯ ᠤᠨ ᠰᠢᠨ᠎ᠡ ᠥᠪ︾ ᠰᠡᠳᠦᠪᠲᠦ ᠡᠷᠳᠡᠮ ᠰᠢᠨᠵᠢᠯᠡᠭᠡᠨ ᠦ ᠬᠤᠷᠠᠯ ᠪᠣᠯᠤᠯ᠎ᠠ᠃ ᠬᠤᠷᠠᠯ ᠢᠶᠠᠷ ᠤᠳᠬ᠎ᠠ ᠵᠣᠬᠢᠶᠠᠯ ᠤᠨ ᠰᠠᠯᠪᠤᠷᠢ ᠶᠢᠨ ᠬᠢᠨ ᠤᠷᠠᠨ ᠵᠣᠬᠢᠶᠠᠯ ᠤᠨ ᠥᠨᠥ ᠶᠢᠨ ᠴᠢᠭ ᠬᠠᠨᠳᠤᠯᠭ᠎ᠠ᠂ ᠬᠥᠭᠵᠢᠯ ᠦᠨ ᠲᠡᠦᠬᠡ ᠶᠢᠨ ᠲᠠᠯ᠎ᠠ ᠪᠠᠷ ᠬᠡᠯᠡᠯᠴᠡᠵᠦ᠂ ᠰᠠᠨᠠᠯ ᠪᠣᠳᠣᠯ ᠢᠶᠠᠨ ᠰᠣᠯᠢᠯᠴᠠᠵᠤ ᠪᠤᠢ ᠶᠤᠮ᠃ ᠡᠨᠡ ᠦᠶ᠎ᠡ ᠪᠡᠷ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠭᠠᠪᠢᠶᠠᠲᠤ ᠵᠢᠳᠬᠦᠯᠲᠡᠨ᠂ ᠠᠺᠠᠳᠧᠮᠢᠴᠢ ᠳ∙ᠴᠡᠷᠡᠩᠰᠤᠳᠨᠠᠮ ᠢᠯᠡᠳᠬᠡᠯ ᠳᠦ ᠪᠡᠨ᠄ᠥᠨᠥᠳᠥᠷ ᠢ ᠬᠦᠷᠲᠡᠯ᠎ᠡ ᠮᠣᠩᠭᠣᠯᠴᠤᠳ ᠪᠢᠳᠡ ᠦᠨᠳᠦᠰᠦᠨ ᠦ ᠰᠤᠶᠤᠯ ᠤᠨ ᠡᠬᠡ ᠲᠡᠦᠬᠡ ᠪᠡᠨ ᠪᠣᠳᠣᠯᠭ᠎ᠠ ᠲᠠᠢ ᠪᠠᠷ᠂ ᠲᠣᠭᠲᠠᠪᠤᠷᠢᠲᠠᠢ ᠰᠤᠳᠤᠯᠵᠤ ᠴᠢᠳᠠᠭᠰᠠᠨ ᠦᠭᠡᠢ᠃ ᠰᠣᠨᠢᠷᠬᠠᠭᠴᠢ ᠶᠢᠨ ᠪᠠᠶᠢᠷᠢ ᠰᠠᠭᠤᠷᠢᠨ ᠠᠴᠠ ᠬᠠᠷᠠᠭᠰᠠᠭᠠᠷ ᠢᠷᠡᠯ᠎ᠡ᠃ ᠮᠣᠩᠭᠣᠯ ᠤᠨ ᠤᠷᠠᠨ ᠵᠣᠬᠢᠶᠠᠯ ᠤᠨ ᠥᠨᠥ ᠶᠢᠨ ᠴᠢᠭ ᠬᠠᠨᠳᠤᠯᠭ᠎ᠠ ᠶᠢ ᠡᠪᠡᠳᠴᠢᠲᠡᠨ ᠲᠡᠢ ᠵᠦᠢᠷᠯᠡᠪᠡᠯ ᠬᠡᠪᠲᠡᠷᠢ ᠳᠦ ᠪᠠᠶᠢᠭ᠎ᠠ ᠬᠦᠮᠦᠨ ᠲᠡᠢ ᠠᠳᠠᠯᠢᠳᠬᠠᠵᠤ ᠪᠣᠯᠤᠨ᠎ᠠ ᠭᠡᠳᠡᠭ ᠢ ᠲᠣᠳᠣᠳᠬᠠᠪᠠ᠃
ᠲᠡᠷᠡ ᠪᠡᠷ᠂ ᠰᠡᠭᠦᠯ ᠦᠨ 30 ᠵᠢᠯ ᠦᠨ ᠲᠤᠷᠰᠢ ᠪᠠᠪᠤᠤ ᠶᠢᠨ ᠯᠾᠬᠠᠪᠠᠰᠦ᠋ᠷᠦᠩ ᠦᠨ ᠬᠡᠳᠦᠨ ᠪᠣᠷᠣ ᠰᠢᠯᠦᠭ ᠡᠴᠡ ᠥᠭᠡᠷ᠎ᠡ ᠰᠠᠶᠢᠨ ᠨᠠᠶᠢᠷᠠᠭ ᠲᠦᠷᠦᠭᠰᠡᠨ ᠦᠭᠡᠢ᠃ ᠬᠡᠳᠦᠢ ᠪᠡᠷ ᠰᠢᠨ᠎ᠡ ᠤᠷᠤᠰᠬᠠᠯ᠂ ᠥᠩᠭᠡ ᠠᠶᠠᠰ ᠢᠶᠠᠷ ᠢᠷᠠᠭᠤ ᠨᠠᠶᠢᠷᠠᠭ ᠣᠯᠠᠨ ᠪᠠᠶᠢᠭ᠎ᠠ ᠠᠪᠴᠤ ᠰᠡᠳᠬᠢᠯ ᠳᠦ ᠨᠡᠶᠢᠴᠡᠬᠦ ᠨᠢ ᠠᠯᠠᠭ᠎ᠠ ᠶᠤᠮ᠃ ᠭᠣᠪᠢ ᠶᠢᠨ ᠳᠣᠭᠰᠢᠨ ᠬᠤᠲᠤᠭᠲᠤ ᠳ᠋ᠠᠨᠽᠠᠨᠷᠠᠪᠵᠠᠢ ᠶᠢᠨ ᠲᠠᠯ᠎ᠠ ᠪᠠᠷ ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠭ∙ᠮᠡᠨᠳᠦ-ᠣᠣᠶᠣ ᠨᠠᠶᠢᠷᠠᠭᠴᠢ ᠶᠢᠨ ᠪᠢᠴᠢᠭᠰᠡᠨ ᠡᠴᠡ ᠥᠭᠡᠷ᠎ᠡ ᠨᠢᠳᠦ ᠪᠠᠶᠠᠰᠬᠠᠬᠤ ᠵᠦᠢᠯ ᠣᠯᠵᠤ ᠬᠠᠷᠠᠭᠰᠠᠨ ᠦᠭᠡᠢ᠃ ᠮᠣᠩᠭᠣᠯ ᠤᠨ ᠤᠷᠠᠨ ᠵᠣᠬᠢᠶᠠᠯ ᠢ ᠡᠪᠡᠳᠴᠢᠲᠡᠨ ᠲᠡᠢ ᠵᠦᠢᠷᠯᠡᠵᠦ ᠪᠣᠯᠤᠨ᠎ᠠ᠃ ᠬᠡᠢ᠂ ᠰᠢᠷ᠎ᠠ᠂ ᠪᠠᠳᠭᠠᠨ ᠭᠤᠷᠪᠠ ᠶᠢᠨ ᠬᠣᠣᠷᠯᠠᠯ ᠳᠤ ᠠᠪᠤᠭᠰᠠᠨ ᠬᠦᠮᠦᠨ ᠰᠢᠭ ᠪᠠᠶᠢᠨ᠎ᠠ᠃ ᠭᠡᠬᠦ ᠳᠦ ᠪᠡᠨ ᠪᠢ ᠵᠣᠬᠢᠶᠠᠯᠴᠢ ᠬᠦᠮᠦᠨ ᠪᠢᠰᠢ ᠰᠢᠦ᠃ ᠤᠩᠰᠢᠭᠴᠢ ᠬᠦᠮᠦᠨ ᠦ ᠨᠢᠳᠦ ᠪᠡᠷ ᠬᠠᠷᠠᠭᠰᠠᠨ ᠵᠦᠢᠯ ᠢᠶᠡᠨ ᠬᠡᠯᠡᠯ᠎ᠡ᠃ ᠵᠠᠯᠠᠭᠤᠰ ᠲᠤ ᠪᠠᠨ ᠬᠠᠨᠳᠤᠵᠤ ᠬᠡᠯᠡᠬᠦ ᠳᠦ ᠮᠣᠩᠭᠣᠯ ᠲᠦᠮᠡᠨ ᠦᠯᠢᠭᠡᠷ ᠰᠤᠨᠤᠰᠴᠦ ᠦᠰᠴᠦ᠂ ᠬᠦᠮᠦᠵᠢᠭᠰᠡᠨ ᠶᠤᠮ᠃ ᠣᠳᠣ ᠪᠣᠯ ᠬᠡᠦᠬᠡᠳ ᠲᠦ ᠪᠡᠨ ᠦᠯᠢᠭᠡᠷ ᠤᠩᠰᠢᠵᠤ ᠥᠭᠬᠦ ᠪᠡᠨ ᠪᠠᠶᠢᠵᠤ᠃ ᠮᠠᠭᠠᠳ ᠦᠭᠡᠢ ᠬᠣᠴᠣᠷᠤᠭᠳᠠᠭᠰᠠᠨ ᠵᠦᠢᠯ ᠭᠡᠵᠦ ᠦᠵᠡᠵᠦ ᠪᠠᠶᠢᠭ᠎ᠠ ᠪᠠᠶᠢᠬᠤ᠃ ᠭᠡᠲᠡᠯ᠎ᠡ ᠦᠭᠡᠢ ᠶᠤᠮ᠂ ᠰᠡᠳᠬᠢᠯᠭᠡ ᠨᠢ ᠯᠠ ᠬᠣᠴᠣᠷᠤᠭᠳᠠᠴᠢᠬᠠᠭᠠᠳ ᠪᠠᠶᠢᠨ᠎ᠠ᠃ ᠥᠪ ᠤᠯᠠᠮᠵᠢᠯᠠᠯ ᠠᠴᠠ ᠪᠠᠨ ᠰᠤᠷᠤᠯᠴᠠᠵᠤ ᠪᠠᠶᠢᠭᠠᠷᠠᠢ ᠭᠡᠵᠦ ᠬᠡᠯᠡᠶ᠎ᠡ ᠭᠡᠪᠡ ᠃
ᠤᠳᠬ᠎ᠠ ᠵᠣᠬᠢᠶᠠᠯ ᠤᠨ ᠰᠢᠭᠦᠮᠵᠢᠯᠡᠭᠴᠢ ᠰᠤᠳᠤᠯᠤᠭᠠᠴᠢ᠂ ᠫᠷᠣᠹᠧᠰᠰᠣᠷ ᠴ᠂ ᠳᠠᠭᠪᠠᠳᠤᠷᠵᠢ᠄ᠮᠣᠩᠭᠣᠯ ᠤᠨ ᠤᠷᠠᠨ ᠵᠣᠬᠢᠶᠠᠯ ᠲᠥᠷᠥᠯ ᠵᠦᠢᠯ ᠦᠨ ᠬᠤᠪᠢ ᠳᠤ ᠬᠠᠶᠠᠭ᠎ᠠ ᠪᠠᠨ ᠲᠡᠯᠡᠵᠦ᠂ ᠪᠠᠶᠠᠵᠢᠭᠰᠠᠨ᠃ ᠭᠡᠬᠦ ᠳᠦ ᠪᠡᠨ ᠤᠷᠠᠨ ᠵᠣᠬᠢᠶᠠᠯ ᠭᠡᠳᠡᠭ ᠪᠣᠯ ᠣᠯᠠᠨ ᠪᠠᠶᠢᠬᠤ ᠶᠢᠨ ᠨᠡᠷ᠎ᠡ ᠪᠢᠰᠢ᠃ ᠴᠢᠨᠠᠷ ᠲᠠᠢ ᠪᠠᠶᠢᠬᠤ ᠶᠣᠰᠣᠲᠠᠢ᠃ ᠡᠨᠡ ᠤᠳᠬ᠎ᠠ ᠪᠠᠷ ᠠᠪᠴᠤ ᠦᠵᠡᠪᠡᠯ ᠣᠨ ᠴᠠᠭ ᠤᠨ ᠰᠢᠯᠭᠠᠭᠤᠷ ᠬᠡᠷᠡᠭᠲᠡᠢ᠃ ᠤᠷᠠᠨ ᠵᠣᠬᠢᠶᠠᠯ ᠢ ᠦᠨᠡᠯᠡᠵᠦ ᠴᠡᠩᠨᠡᠳᠡᠭ ᠤᠳᠬ᠎ᠠ ᠵᠣᠬᠢᠶᠠᠯ ᠤᠨ ᠰᠤᠳᠤᠯᠤᠯ᠂ ᠢᠷᠠᠭᠤ ᠲᠠᠶᠢᠯᠪᠤᠷᠢ᠂ ᠰᠢᠭᠦᠮᠵᠢᠯᠡᠯ ᠭᠡᠵᠦ ᠴᠢᠬᠤᠯᠠ ᠵᠦᠢᠯ ᠪᠤᠢ᠃ ᠢᠩᠭᠢᠭᠰᠡᠨ ᠢᠶᠡᠷ ᠰᠠᠶᠢᠨ᠂ ᠮᠠᠭᠤ ᠶᠢ ᠢᠯᠭᠠᠨ᠎ᠠ᠃ ᠣᠳᠣ ᠡᠶᠢᠮᠦ ᠦᠨᠡᠯᠡᠭᠡ ᠠᠯᠠᠭ᠎ᠠ᠃ ᠬᠡᠨ ᠨᠢᠭᠡᠨ ᠬᠤᠪᠢ ᠶᠢᠨ ᠦᠨᠡᠯᠡᠭᠡ ᠪᠡᠷ ᠯᠠ ᠪᠣᠳᠣᠵᠤ ᠶᠠᠪᠤᠨ᠎ᠠ᠃ ᠶᠡᠷᠦ ᠨᠢ ᠪᠣᠯ ᠰᠠᠶᠢᠨ ᠵᠣᠬᠢᠶᠠᠯ᠂ ᠠᠪᠢᠶᠠᠰ ᠲᠠᠢ ᠵᠣᠬᠢᠶᠠᠯᠴᠢ ᠳᠤ ᠪᠠᠶᠢᠭ᠎ᠠ ᠴᠤ ᠪᠤᠰᠤᠳ ᠬᠣᠭ ᠰᠠᠭ ᠤᠨ ᠳᠣᠲᠣᠷ᠎ᠠ ᠠᠴᠠ ᠢᠯᠭᠠᠷᠠᠬᠤ ᠳᠤ ᠪᠡᠷᠬᠡ ᠪᠣᠯᠤᠭᠰᠠᠨ ᠴᠠᠭ ᠦᠶ᠎ᠡ ᠭᠡᠵᠦ ᠪᠣᠳᠣᠳᠠᠭ᠃ ᠠᠺᠠᠳᠧᠮᠢᠴᠢ ᠳ∙ᠰᠡᠷᠡᠩᠰᠣᠳᠨᠠᠮ ᠭᠤᠸᠠᠢ ᠶᠢᠨ ᠬᠡᠯᠡᠭᠰᠡᠨ ᠲᠡᠢ ᠰᠠᠨᠠᠯ ᠨᠡᠶᠢᠯᠡᠵᠦ ᠪᠠᠶᠢᠭ᠎ᠠ᠃ ᠮᠣᠩᠭᠣᠯ ᠤᠨ ᠤᠷᠠᠨ ᠵᠣᠬᠢᠶᠠᠯ ᠤᠨ ᠥᠨᠥ ᠶᠢᠨ ᠴᠢᠭ ᠬᠠᠨᠳᠤᠯᠭ᠎ᠠ ᠬᠡᠪᠲᠡᠷᠢ ᠳᠦ ᠪᠠᠶᠢᠭ᠎ᠠ ᠡᠪᠡᠳᠴᠢᠲᠡᠨ ᠰᠢᠭ ᠯᠠ ᠪᠠᠶᠢᠭ᠎ᠠ ᠰᠢᠦ ᠳ᠋ᠡ᠃ ᠡᠨᠡ ᠴᠠᠭ ᠤᠨ ᠵᠠᠯᠠᠭᠤ ᠵᠣᠬᠢᠶᠠᠯᠴᠢ᠂ ᠢᠷᠠᠭᠤ ᠨᠠᠶᠢᠷᠠᠭᠴᠢ ᠶᠢᠨ ᠪᠢᠴᠢᠭᠰᠡᠨ ᠢᠶᠡᠷ ︽ᠮᠣᠩᠭᠣᠯ ᠤᠨ ᠤᠷᠠᠨ ᠵᠣᠬᠢᠶᠠᠯ ᠪᠣᠯ ᠬᠣᠭ᠂ ᠰᠠᠭ᠂ ᠬᠥᠭᠡᠰᠦᠨ ᠳᠤᠮᠳᠠ ᠬᠥᠪᠥᠵᠦ ᠶᠠᠪᠤᠨ᠎ᠠ︾ ᠭᠡᠳᠡᠭ ᠨᠢ ᠦᠨᠡᠨ᠃
ᠬᠡᠷᠪᠡ ᠤᠷᠠᠨ ᠵᠣᠬᠢᠶᠠᠯ ᠢᠶᠠᠨ ᠥᠭᠡᠳᠡ ᠪᠡᠨ ᠲᠠᠲᠠᠶ᠎ᠠ ᠭᠡᠪᠡᠯ ᠰᠤᠳᠤᠯᠤᠯ ᠰᠢᠭᠦᠮᠵᠢᠯᠡᠯ ᠳᠦ ᠪᠡᠨ ᠠᠩᠬᠠᠷᠬᠤ ᠬᠡᠷᠡᠭᠲᠡᠢ᠃ ᠰᠤᠳᠤᠯᠤᠯ ᠰᠢᠭᠦᠮᠵᠢᠯᠡᠯ ᠳᠦ ᠢᠷᠠᠭᠤ ᠲᠠᠶᠢᠯᠪᠤᠷᠢ ᠶᠢ ᠬᠥᠭᠵᠢᠭᠦᠯᠵᠦ᠂ ᠤᠷᠠᠨ ᠵᠣᠬᠢᠶᠠᠯ ᠥᠪᠡᠷ ᠦᠨ ᠦᠨᠡᠯᠡᠭᠡ ᠶᠢ ᠠᠪᠴᠤ ᠪᠠᠶᠢᠵᠤ ᠢᠯᠭᠠᠷᠠᠵᠤ ᠴᠢᠳᠠᠨ᠎ᠠ᠃ ᠤᠷᠠᠨ ᠵᠣᠬᠢᠶᠠᠯ ᠰᠤᠶᠤᠯ ᠤᠨ ᠬᠤᠪᠢ ᠳᠤ ᠮᠣᠩᠭᠣᠯᠴᠤᠳ ᠤᠨ ᠦᠨᠳᠦᠰᠦᠨ ᠦ ᠰᠤᠶᠤᠯ ᠳᠤ ᠰᠢᠨ᠎ᠡ ᠥᠩᠭᠡ ᠠᠶᠠᠰ ᠣᠷᠣᠵᠤ ᠢᠷᠡᠵᠦ ᠪᠠᠶᠢᠨ᠎ᠠ᠃ ᠤᠯᠠᠮᠵᠢᠯᠠᠯ ᠠᠴᠠ ᠪᠠᠨ ᠰᠠᠯᠪᠠᠯ ᠡᠨᠡ ᠨᠢ ᠶᠡᠬᠡ ᠠᠶᠤᠯᠲᠠᠢ᠃ ᠥᠭᠡᠷ᠎ᠡ ᠪᠡᠷ ᠬᠡᠯᠡᠪᠡᠯ᠂ ᠤᠷᠠᠨ ᠵᠣᠬᠢᠶᠠᠯ᠂ ᠤᠷᠠᠯᠢᠭ ᠤᠨ ᠰᠠᠯᠪᠤᠷᠢ ᠨᠢ ᠦᠨᠳᠦᠰᠦᠨ ᠦ ᠤᠯᠠᠮᠵᠢᠯᠠᠯ ᠢᠶᠠᠨ ᠦᠭᠡᠶᠢᠰᠭᠡᠬᠦ ᠬᠠᠨᠳᠤᠯᠭ᠎ᠠ ᠲᠠᠢ᠂ ᠪᠠᠷᠠᠭᠤᠨ ᠤ ᠰᠤᠶᠤᠯ ᠤᠨ ᠨᠥᠯᠦᠭᠡᠨ ᠳᠦ ᠠᠪᠲᠠᠭᠰᠠᠨ ᠥᠩᠭᠡ ᠠᠶᠠᠰ ᠲᠠᠢ ᠪᠠᠶᠢᠨ᠎ᠠ᠃  ᠠᠷᠠᠳᠴᠢᠯᠠᠯ ᠭᠠᠷᠬᠤ ᠠᠴᠠ ᠡᠮᠦᠨᠡᠬᠢ ᠦᠶ᠎ᠡ ᠳᠦ ᠰᠤᠼᠢᠶᠠᠯᠢᠰᠮ ᠤᠨ ᠦᠶ᠎ᠡ ᠳᠦ ᠨᠢᠭᠡ ᠨᠠᠮ ᠤᠨ ᠦᠵᠡᠯ ᠰᠤᠷᠲᠠᠯ ᠪᠠᠶᠢᠭᠰᠠᠨ ᠴᠤ ᠤᠷᠠᠨ ᠵᠣᠬᠢᠶᠠᠯ ᠤᠨ ᠦᠨᠡᠯᠡᠭᠡ ᠶᠢ ᠨᠢ ᠭᠠᠷᠭᠠᠭᠰᠠᠨ ᠪᠠᠶᠢᠭᠰᠠᠨ ᠶᠤᠮ᠃ ᠮᠣᠩᠭᠣᠯ ᠤᠨ ᠣᠷᠴᠢᠨ ᠦᠶ᠎ᠡ ᠶᠢᠨ ᠤᠷᠠᠨ ᠵᠣᠬᠢᠶᠠᠯ ᠢ ᠬᠥᠭᠵᠢᠭᠦᠯᠬᠦ ᠳᠦ ᠠᠷᠠᠳ ᠤᠨ ᠤᠷᠠᠨ ᠵᠣᠬᠢᠶᠠᠯᠴᠢ ᠴ∙ᠳᠠᠮᠳᠢᠨᠰᠦ᠋ᠷᠦᠩ᠂ ᠲᠥᠷᠥ ᠨᠡᠶᠢᠭᠡᠮ ᠤᠨ ᠵᠢᠳᠬᠦᠯᠲᠡᠨ ᠶᠡᠬᠡ ᠵᠣᠬᠢᠶᠠᠯᠴᠢ ᠳ∙ᠨᠠᠴᠤᠭᠳᠣᠷᠵᠢ᠂ ᠳᠣᠷᠣᠨ᠎ᠠ ᠶᠢᠨ ᠶᠡᠬᠡ ᠢᠷᠠᠭᠤ ᠨᠠᠶᠢᠷᠠᠭᠴᠢ  ᠪᠡᠭᠵᠢ ᠶᠢᠨ ᠶᠠᠪᠤᠭᠤᠬᠤᠯᠠᠩ᠂ ᠮᠣᠩᠭᠣᠯ ᠤᠨ ᠤᠷᠠᠨ ᠵᠣᠬᠢᠶᠠᠯ᠂ ᠰᠡᠳᠭᠦᠯ ᠵᠦᠢ ᠶᠢᠨ ᠠᠩᠬᠠᠳᠠᠭᠴᠢ ᠶᠢᠨ ᠨᠢᠭᠡ ᠰ∙ᠪᠤᠶᠠᠨᠨᠡᠮᠡᠬᠦ᠂ ᠨᠡᠷᠡᠲᠦ ᠢᠷᠠᠭᠤ ᠨᠠᠶᠢᠷᠠᠭᠴᠢ᠂ ᠡᠬᠡ ᠣᠷᠣᠨᠴᠢ ᠣ᠊∙ᠳᠠᠰᠢᠪᠠᠯᠪᠠᠷ ᠨᠠᠷ ᠦᠨ᠎ᠡ ᠴᠡᠨ᠎ᠡ ᠲᠡᠢ ᠬᠤᠪᠢ ᠨᠡᠮᠡᠷᠢ ᠪᠡᠨ ᠣᠷᠣᠭᠤᠯᠤᠭᠰᠠᠨ ᠭᠡᠳᠡᠭ ᠢ ᠵᠣᠬᠢᠶᠠᠯᠴᠢ᠂ ᠡᠷᠳᠡᠮᠲᠡᠳ ᠵᠠᠯᠠᠭᠤ ᠦᠶ᠎ᠡ ᠶᠢᠨ ᠬᠢᠨ ᠳᠦ ᠰᠠᠨᠠᠭᠤᠯᠤᠭᠰᠠᠨ ᠪᠢᠯᠡ᠃ ᠵᠣᠬᠢᠶᠠᠯᠴᠢᠳ ᠥᠪᠡᠷᠰᠡᠳ ᠦᠨ ᠵᠠᠯᠭᠠᠮᠵᠢ ᠬᠠᠯᠠᠭ᠎ᠠ ᠪᠣᠯᠤᠭᠰᠠᠨ ᠰᠢᠨ᠎ᠡ ᠵᠠᠯᠠᠭᠤ ᠦᠶ᠎ᠡ ᠶᠢᠨ ᠵᠣᠬᠢᠶᠠᠯᠴᠢᠳ ᠲᠤ ᠬᠠᠨᠳᠤᠵᠤ ᠰᠠᠶᠢᠨ ᠵᠣᠬᠢᠶᠠᠯ᠂ ᠪᠦᠲᠦᠭᠡᠯ ᠲᠤᠭᠤᠷᠪᠢᠬᠤ ᠶᠢ ᠬᠦᠰᠡᠪᠡᠯ ᠥᠪ ᠰᠤᠶᠤᠯ᠂ ᠦᠨᠳᠦᠰᠦᠨ ᠦ ᠤᠯᠠᠮᠵᠢᠯᠠᠯ ᠢᠶᠠᠨ ᠰᠠᠶᠢᠨ ᠰᠤᠳᠤᠯᠬᠤ ᠶᠢ ᠵᠥᠪᠯᠡᠭᠰᠡᠨ ᠶᠤᠮ᠃

ᠰᠡᠳᠬᠢᠭᠳᠡᠯ ᠦᠯᠡᠳᠡᠭᠡᠬᠦ