ᠳᠣᠷᠣᠨᠠᠲᠤ ᠶᠢᠨ ᠲᠢᠶᠠᠲ᠋ᠷ ᠲᠤ ︽ᠯᠢᠷ ᠸᠠᠩ︾ ᠠᠮᠢᠯᠠᠨ᠎ᠠ | News.MN

ᠳᠣᠷᠣᠨᠠᠲᠤ ᠶᠢᠨ ᠲᠢᠶᠠᠲ᠋ᠷ ᠲᠤ ︽ᠯᠢᠷ ᠸᠠᠩ︾ ᠠᠮᠢᠯᠠᠨ᠎ᠠ

ᠳᠣᠷᠣᠨᠠᠲᠤ ᠠᠶᠢᠮᠠᠭ ᠤᠨ ᠠᠯᠲᠠᠨᠭᠠᠳᠠᠰᠤ ᠤᠳᠤᠨᠲᠤ ᠬᠥᠭᠵᠢᠮᠲᠦ ᠳ᠋ᠷᠠᠮ ᠤᠨ ᠲᠢᠶᠠᠲ᠋ᠷ ᠤᠨ ᠤᠷᠠᠨ ᠪᠦᠲᠦᠭᠡᠯᠴᠢᠳ  ︽ᠯᠢᠷ ᠸᠠᠩ︾ ᠵᠦᠴᠦᠭᠡ ᠶᠢ ᠲᠠᠶᠢᠰᠠᠨ᠎ᠠ ᠠᠮᠢᠯᠠᠭᠤᠯᠤᠨ᠎ᠠ᠃ ᠡᠨᠡ ᠰᠠᠷ᠎ᠠ ᠶᠢᠨ 19᠂ 20᠂ 21᠍ ᠦ ᠡᠳᠦᠷ ᠦᠳ ᠲᠦ ᠱᠸᠺᠰᠫᠸᠷ  ᠦᠨ ᠠᠯᠳᠠᠷᠲᠤ ᠪᠦᠲᠦᠭᠡᠯ ᠦᠳ ᠦᠨ ᠨᠢᠭᠡ ᠭᠡᠭᠳᠡᠳᠡᠭ ᠡᠨᠡᠬᠦ ᠰᠣᠩᠭᠣᠳᠠᠭ ᠵᠦᠴᠦᠭᠡ  ᠶᠢ ᠦᠵᠡᠭᠴᠢᠳ ᠦᠨ ᠬᠦᠷᠲᠡᠭᠡᠯ ᠪᠣᠯᠭᠠᠬᠤ ᠪᠠᠷ ᠪᠡᠯᠡᠳᠬᠡᠯ ᠢᠶᠡᠨ ᠪᠠᠵᠠᠭᠠᠵᠤ ᠪᠠᠶᠢᠭ᠎ᠠ ᠶᠤᠮ᠃ ᠡᠯ᠎ᠡ ᠪᠦᠲᠦᠭᠡᠯ ᠦᠨ ᠶᠡᠷᠦᠩᠬᠡᠢ ᠫᠷᠣᠳᠢᠶᠦ᠋ᠰᠰᠧᠷ ᠢᠶᠡᠷ ᠲᠤᠰ ᠲᠢᠶᠠᠲ᠋ᠷ ᠤᠨ ᠵᠠᠬᠢᠷᠤᠯ ᠯ∙ᠨᠠᠷᠠᠨᠬᠦᠦ᠂ ᠶᠡᠷᠦᠩᠬᠡᠢ ᠨᠠᠶᠢᠷᠠᠭᠤᠯᠤᠭᠴᠢ ᠪᠠᠷ ᠨ∙ᠫᠦᠷᠪᠦᠳᠣᠷᠵᠢ ᠠᠵᠢᠯᠯᠠᠵᠤ ᠪᠠᠶᠢᠨ᠎ᠠ᠃
ᠣᠯᠠᠨ ᠵᠢᠯ ᠬᠠᠭᠠᠨ ᠰᠢᠷᠡᠭᠡᠨ ᠳᠦ ᠰᠠᠭᠤᠵᠤ᠂ ᠵᠢᠷᠭᠠᠯ ᠤᠨ ᠳᠡᠭᠡᠳᠦ ᠶᠢ ᠡᠳ᠋ᠯᠡᠭᠰᠡᠨ ᠯᠢᠷ ᠸᠠᠩ ᠨᠠᠰᠤ ᠠᠬᠢᠭᠰᠠᠨ ᠢᠶᠠᠨ ᠤᠬᠠᠭᠠᠷᠠᠵᠤ᠂ ᠤᠯᠤᠰ ᠭᠦᠷᠦᠨ᠂ ᠭᠠᠵᠠᠷ ᠨᠤᠲᠤᠭ ᠢᠶᠠᠨ ᠦᠷ᠎ᠡ ᠬᠡᠦᠬᠡᠳ ᠦᠳ ᠲᠡᠭᠡᠨ ᠬᠤᠪᠢᠶᠠᠨ ᠥᠭᠴᠦ᠂ ᠠᠮᠤᠷ ᠠᠮᠤᠭᠤᠯᠠᠩ ᠪᠠᠶᠢᠬᠤ ᠶᠢ ᠬᠦᠰᠡᠭᠰᠡᠨ ᠴᠤ ᠬᠠᠷ᠎ᠠ ᠰᠠᠨᠠᠭᠠᠲᠠᠨ ᠤ ᠬᠣᠣᠷᠲᠤ ᠶᠠᠪᠤᠭᠤᠯᠭ᠎ᠠ᠂ ᠲᠡᠳᠡᠨ ᠦ ᠥᠷᠢᠰᠦᠯᠳᠦᠭᠡᠨ ᠲᠡᠮᠡᠴᠡᠯ ᠳᠦ ᠥᠷᠲᠥᠵᠦ ᠪᠠᠶᠢᠭ᠎ᠠ ᠲᠤᠬᠠᠢ ᠦᠭᠦᠯᠡᠳᠡᠭ᠃ ᠮᠠᠨ ᠤ ᠤᠯᠤᠰ ᠲᠤ ︽ᠯᠢᠷ ᠸᠠᠩ︾ ᠵᠦᠴᠦᠭᠡ ᠶᠢ ᠬᠠᠮᠤᠭ ᠤᠨ ᠠᠩᠬ᠎ᠠ 1964 ᠣᠨ ᠳᠤ ᠲᠠᠶᠢᠰᠠᠨ᠎ᠠ ᠲᠠᠯᠪᠢᠵᠤ ᠪᠠᠶᠢᠭᠰᠠᠨ ᠲᠡᠦᠬᠡ ᠲᠡᠢ᠃

ᠰᠡᠳᠬᠢᠭᠳᠡᠯ ᠦᠯᠡᠳᠡᠭᠡᠬᠦ