ᠴ∙ᠪᠠᠳᠠᠷᠠᠯ ᠰᠢᠯᠢᠳᠡᠭ 19 ᠳᠠᠭᠤᠴᠢᠨ ᠤ ᠨᠢᠭᠡ ᠪᠣᠯᠪᠠ | News.MN

ᠴ∙ᠪᠠᠳᠠᠷᠠᠯ ᠰᠢᠯᠢᠳᠡᠭ 19 ᠳᠠᠭᠤᠴᠢᠨ ᠤ ᠨᠢᠭᠡ ᠪᠣᠯᠪᠠ

ᠮᠣᠩᠭᠣᠯ ᠤᠯᠤᠰ ᠤᠨ ᠴᠡᠷᠢᠭ ᠦᠨ ᠳᠠᠭᠤᠤ ᠪᠦᠵᠢᠭ ᠦᠨ ᠴᠢᠭᠤᠯᠭ᠎ᠠ ᠶᠢᠨ ᠭᠣᠴᠣᠯᠠᠯ ᠳᠠᠭᠤᠴᠢᠨ ᠴ∙ᠪᠠᠳᠠᠷᠠᠯ ᠳᠡᠯᠡᠬᠡᠢ ᠶᠢᠨ ᠳᠠᠭᠤᠤᠷᠢ ᠶᠢᠨ ᠳᠠᠭᠤᠴᠢᠨ ︽ᠺᠠᠷᠳᠢᠹᠹ -2019︾ ᠤᠷᠤᠯᠳᠤᠭᠠᠨ ᠤ ᠰᠢᠭᠰᠢᠭᠡ ᠳᠦ ᠦᠯᠡᠳᠡᠵᠡᠢ᠃ ᠲᠡᠷᠡ ︽ᠳᠠᠭᠤᠤ ᠷᠣᠮᠠᠨᠰ︾ ᠪᠣᠯᠤᠨ ︽ᠳᠠᠭᠤᠤᠷᠢ ᠶᠢᠨ ᠠᠷᠢ︾ ᠲᠥᠷᠥᠯ ᠳᠦ 400 ᠭᠠᠷᠤᠢ ᠳᠠᠭᠤᠴᠢᠳ ᠠᠴᠠ ᠰᠢᠯᠢᠭᠳᠡᠵᠦ ᠦᠯᠡᠳᠡᠵᠡᠢ᠃ ᠠᠩᠭᠯᠢ ᠶᠢᠨ ᠯᠣᠨᠳᠣᠨ ᠬᠤᠲᠠᠨ᠎ᠠ ᠰᠠᠶ᠋ᠢᠬᠠᠨ ᠪᠣᠯᠵᠤ ᠥᠩᠭᠡᠷᠡᠭᠰᠡᠨ ᠡᠨᠡᠬᠦ ᠲᠡᠮᠡᠴᠡᠭᠡᠨ ᠳᠦ ᠰᠢᠯᠢᠳᠡᠭ 19 ᠳᠠᠭᠤᠴᠢᠨ ᠰᠢᠭᠰᠢᠭᠡ ᠳᠦ ᠲᠤᠨᠵᠤ ᠪᠠᠶᠢᠨ᠎ᠠ᠃ ᠲᠡᠳᠡ ᠢᠷᠡᠬᠦ ᠵᠢᠷᠭᠤᠳᠤᠭᠠᠷ ᠰᠠᠷ᠎ᠠ ᠶᠢᠨ 17-22 ᠍ ᠳᠦ ᠤᠥᠯᠢᠰ ᠦᠨ ᠺᠠᠷᠳᠢᠹᠹ ᠬᠤᠲᠠ ᠳᠤ ᠬᠡᠨ ᠨᠢ ᠳᠡᠯᠡᠬᠡᠢ ᠶᠢᠨ ᠳᠠᠭᠤᠴᠢᠨ ᠪᠣᠯᠬᠤ ᠪᠠᠨ ᠬᠠᠷᠠᠭᠤᠯᠵᠤ᠂ ᠬᠣᠭᠣᠯᠠᠢ ᠶᠢᠨ ᠴᠢᠳᠠᠯ ᠢᠶᠠᠨ ᠰᠣᠷᠢᠬᠤ ᠶᠤᠮ᠃  ᠳᠠᠭᠤᠴᠢᠨ ᠴ∙ᠪᠠᠳᠠᠷᠠᠯ ᠨᠢ ᠥᠩᠭᠡᠷᠡᠭᠰᠡᠨ 2018 ᠣᠨ ᠤ ᠳᠣᠯᠣᠳᠤᠭᠠᠷ ᠰᠠᠷ᠎ᠠ ᠳᠤ ᠢᠲ᠋ᠠᠯᠢ ᠶᠢᠨ ᠠᠯᠳᠠᠷᠲᠤ CHIGIANA ᠠᠺᠠᠳᠧᠮᠢ ᠠᠴᠠ ᠵᠣᠬᠢᠶᠠᠨ ᠪᠠᠶᠢᠭᠤᠯᠳᠠᠭ CHIGIANA international competition 2018 ᠳᠠᠭᠤᠤᠷᠢ ᠶᠢᠨ ᠳᠠᠭᠤᠯᠠᠭᠠᠴᠢᠳ ᠤᠨ ᠲᠡᠮᠡᠴᠡᠭᠡᠨ ᠦ ᠲᠡᠷᠢᠭᠦᠨ ᠪᠠᠶᠢᠷᠢ ᠶᠢ ᠠᠪᠴᠤ᠂ Golden Star-2018 ᠱᠠᠩᠨᠠᠯ ᠤᠨ ᠡᠵᠡᠨ ᠪᠣᠯᠤᠭᠰᠠᠨ ᠶᠤᠮ᠃ ᠨᠡᠶᠢᠲᠡ ᠵᠢᠷᠭᠤᠭᠠᠨ ᠰᠠᠷ᠎ᠠ ᠦᠷᠭᠦᠯᠵᠢᠯᠡᠭᠰᠡᠨ ᠤᠭ ᠲᠡᠮᠡᠴᠡᠭᠡᠨ ᠳᠡᠯᠡᠬᠡᠢ ᠶᠢᠨ ᠣᠯᠠᠨ ᠣᠷᠣᠨ ᠳᠤ ᠵᠡᠷᠭᠡ ᠶᠠᠪᠤᠭᠳᠠᠵᠤ᠂ 1870 ᠳᠠᠭᠤᠴᠢᠨ ᠥᠷᠢᠰᠦᠯᠳᠦᠭᠰᠡᠨ ᠪᠠᠶᠢᠳᠠᠭ᠃

ᠰᠡᠳᠬᠢᠭᠳᠡᠯ ᠦᠯᠡᠳᠡᠭᠡᠬᠦ