ᠲᠥᠭᠥᠷᠢᠭ ᠢᠶᠡᠷ ᠣᠯᠭᠤᠭᠰᠠᠨ ᠵᠢᠭᠡᠯᠡ 26 ᠬᠤᠪᠢ ᠪᠠᠷ ᠥᠰᠴᠠᠢ | News.MN

ᠲᠥᠭᠥᠷᠢᠭ ᠢᠶᠡᠷ ᠣᠯᠭᠤᠭᠰᠠᠨ ᠵᠢᠭᠡᠯᠡ 26 ᠬᠤᠪᠢ ᠪᠠᠷ ᠥᠰᠴᠠᠢ

ᠠᠯᠪᠠᠨ ᠶᠣᠰᠣᠨ ᠤ ᠰᠲ᠋ᠠᠲ᠋ᠢᠰᠲ᠋ᠢᠺ ᠠᠴᠠ ᠬᠠᠷᠠᠬᠤ ᠳᠤ ᠦᠨᠳᠦᠰᠦᠨ ᠦ ᠸᠠᠯᠢᠶᠤᠲ ᠪᠤᠶᠤ ᠲᠥᠭᠥᠷᠢᠭ ᠢᠶᠡᠷ ᠣᠯᠭᠤᠭᠰᠠᠨ ᠵᠢᠭᠡᠯᠡ ᠶᠢᠨ ᠦᠯᠡᠳᠡᠭᠳᠡᠯ ᠨᠢ 2018 ᠣᠨ ᠤ 10 ᠳ᠋ᠤᠭᠠᠷ ᠰᠠᠷ᠎ᠠ ᠶᠢᠨ ᠡᠴᠦᠰ ᠦᠨ ᠪᠠᠶᠢᠳᠠᠯ ᠢᠶᠠᠷ 13.2 ᠶᠡᠬᠡ ᠨᠠᠶᠤᠳ ᠲᠥᠭᠥᠷᠢᠭ ᠪᠣᠯᠵᠠᠢ᠃ ᠡᠨᠡ ᠨᠢ ᠡᠮᠦᠨᠡᠬᠢ ᠣᠨ ᠠᠴᠠ 26 ᠬᠤᠪᠢ ᠪᠠᠷ ᠥᠰᠦᠭᠰᠡᠨ ᠦᠵᠡᠭᠦᠯᠦᠯᠲᠡ ᠪᠥᠭᠡᠳ 2017 ᠣᠨ ᠤ ᠮᠥᠨ ᠦᠶ᠎ᠡ ᠳᠦ ᠭᠠᠷᠴᠤ ᠪᠠᠶᠢᠭᠰᠠᠨ 8 ᠬᠤᠪᠢ ᠶᠢᠨ ᠥᠰᠦᠯᠲᠡ ᠡᠴᠡ ᠳᠠᠷᠤᠢ 18 ᠨᠢᠭᠡᠴᠢ ᠬᠤᠪᠢ ᠪᠠᠷ ᠥᠰᠦᠭᠰᠡᠨ ᠪᠠᠶᠢᠨ᠎ᠠ᠃
ᠡᠨᠡ ᠪᠣᠯ ᠡᠳ᠋ ᠦᠨ ᠵᠠᠰᠠᠭ ᠲᠤ ᠲᠥᠭᠥᠷᠢᠭ ᠢᠶᠡᠷ ᠬᠢᠭᠳᠡᠵᠦ ᠪᠤᠢ ᠬᠥᠷᠥᠩᠭᠡ ᠣᠷᠣᠭᠤᠯᠤᠯᠲᠠ᠂ ᠤᠯᠠᠮ ᠢᠶᠠᠷ ᠡᠳ᠋  ᠦᠨ ᠵᠠᠰᠠᠭ ᠤᠨ ᠢᠳᠡᠪᠬᠢᠵᠢᠯ  ᠪᠤᠳᠠᠳᠠᠢ ᠪᠠᠷ ᠡᠷᠴᠢᠮᠵᠢᠭᠰᠡᠨ ᠢ ᠢᠯᠡᠳᠬᠡᠵᠦ ᠪᠤᠢ ᠳ᠋ᠦᠩ ᠶᠤᠮ᠃ ᠮᠣᠩᠭᠣᠯ ᠪᠠᠩᠭᠢ ᠠᠴᠠ ᠮᠠᠺᠷᠤ᠋ ᠵᠣᠬᠢᠰᠲᠠᠢ ᠪᠣᠳᠣᠯᠭ᠎ᠠ ᠶᠢᠨ ᠬᠦᠷᠢᠶᠡᠨ ᠳᠦ ᠬᠡᠳᠦ ᠬᠡᠳᠦᠨ ᠰᠢᠢᠳᠪᠦᠷᠢ ᠶᠢ ᠭᠠᠷᠭᠠᠭᠰᠠᠨ᠃ ᠢᠷᠡᠬᠦ ᠣᠨ ᠤ 1 ᠳ᠋ᠤᠭᠡᠷ ᠰᠠᠷ᠎ᠠ ᠶᠢᠨ 1 ᠦ ᠡᠳᠦᠷ ᠡᠴᠡ ᠡᠬᠢᠯᠡᠨ ᠪᠠᠩᠬᠢᠨ ᠠᠴᠠ ᠢᠷᠭᠡᠳ ᠲᠦ ᠰᠢᠨ᠎ᠡ ᠪᠡᠷ ᠣᠯᠭᠣᠬᠤ ᠴᠠᠯᠢᠩ᠂ ᠲᠡᠳᠬᠦᠪᠦᠷᠢ᠂ ᠬᠡᠷᠡᠭᠯᠡᠭᠡᠨ ᠦ ᠪᠤᠰᠤᠳ ᠵᠢᠭᠡᠯᠡ ᠶᠢᠨ ᠬᠤᠪᠢ ᠳᠤ ᠥᠷᠢ᠂ ᠣᠷᠣᠯᠭ᠎ᠠ ᠶᠢᠨ ᠬᠠᠷᠢᠴᠠᠭ᠎ᠠ ᠶᠢ 70 ᠬᠤᠪᠢ ᠪᠠᠷ᠂ ᠬᠤᠭᠤᠴᠠᠭ᠎ᠠ ᠶᠢ 30 ᠰᠠᠷ᠎ᠠ ᠪᠠᠷ ᠬᠢᠵᠠᠭᠠᠷᠯᠠᠬᠤ ᠪᠠᠷ ᠰᠢᠢᠳᠪᠦᠷᠢᠯᠡᠭᠰᠡᠨ ᠶᠤᠮ᠃ ᠡᠨᠡᠬᠦ ᠠᠷᠭ᠎ᠠ ᠬᠡᠮᠵᠢᠶ᠎ᠡ ᠨᠢ ᠬᠡᠷᠡᠭᠯᠡᠭᠡᠨ ᠦ ᠵᠢᠭᠡᠯᠡ ᠶᠢᠨ ᠥᠰᠦᠯᠲᠡ ᠶᠢ ᠬᠢᠵᠠᠭᠠᠷᠯᠠᠬᠤ᠂ ᠪᠠᠩᠬᠢᠨ ᠤ ᠰᠠᠯᠪᠤᠷᠢ ᠳᠤ ᠬᠤᠷᠠᠮᠳᠤᠬᠤ ᠡᠷᠡᠰᠳᠡᠯ ᠢ ᠰᠠᠭᠠᠷᠠᠭᠤᠯᠬᠤ᠂ ᠢᠷᠭᠡᠳ ᠦᠨ ᠥᠨᠥ ᠶᠢᠨ ᠪᠣᠯᠤᠨ ᠢᠷᠡᠭᠡᠳᠦᠢ ᠶᠢᠨ ᠬᠡᠷᠡᠭᠯᠡᠭᠡ ᠶᠢ ᠲᠣᠭᠲᠠᠪᠤᠷᠢᠵᠢᠭᠤᠯᠬᠤ᠂ ᠪᠠᠩᠬᠢᠨ ᠤ ᠡᠬᠢ ᠡᠭᠦᠰᠪᠦᠷᠢ ᠶᠢ ᠪᠢᠽᠢᠨᠧᠰ ᠦᠨ ᠰᠠᠯᠪᠤᠷᠢ ᠳᠤ ᠴᠢᠭᠯᠡᠭᠦᠯᠬᠦ ᠡᠶᠡᠷᠭᠦ ᠨᠥᠯᠥᠭᠡ ᠦᠵᠡᠭᠦᠯᠬᠦ ᠮᠠᠭᠠᠳᠯᠠᠯ ᠲᠠᠢ ᠭᠡᠵᠦ ᠮᠣᠩᠭᠣᠯ ᠪᠠᠩᠭᠢ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ