ᠰᠠᠯᠬᠢᠲᠤ ᠶᠢᠨ ᠣᠷᠳᠣ ᠶᠢᠨ ᠠᠷᠤ ᠳᠤ ᠲᠣᠮᠣ ᠪᠦᠯᠦᠭᠯᠡᠯ ᠪᠤᠢ | News.MN

ᠰᠠᠯᠬᠢᠲᠤ ᠶᠢᠨ ᠣᠷᠳᠣ ᠶᠢᠨ ᠠᠷᠤ ᠳᠤ ᠲᠣᠮᠣ ᠪᠦᠯᠦᠭᠯᠡᠯ ᠪᠤᠢ

ᠥᠩᠭᠡᠷᠡᠭᠰᠡᠨ ᠳᠣᠯᠣᠭ᠎ᠠ ᠬᠣᠨᠣᠭ ᠲᠤ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠭ∙ᠽᠠᠨᠳᠠᠨᠰᠢᠲᠠᠷ᠎ᠠ ᠲᠡᠷᠢᠭᠦᠲᠡᠢ ᠠᠯᠪᠠᠨ ᠤ ᠬᠢᠨ ᠶᠡᠷᠦᠩᠬᠡᠢ ᠰᠠᠶᠢᠳ ᠤ᠊∙ᠬᠦᠷᠡᠯᠰᠦ᠋ᠬᠡ ᠶᠢᠨ ᠴᠢᠭᠯᠡᠯ ᠦᠨ ᠳᠠᠭᠠᠤ  ᠰᠠᠯᠬᠢᠲᠤ ᠶᠢᠨ ᠮᠥᠩᠭᠥᠨ ᠦ ᠤᠷᠳᠤ ᠳᠦ ᠲᠤᠰᠬᠠᠢ ᠠᠵᠢᠯᠯᠠᠭ᠎ᠠ ᠶᠠᠪᠤᠭᠤᠯᠵᠤ ᠲᠤᠰ ᠭᠠᠵᠠᠷ ᠤᠨ 2043 ᠣᠨ᠂ 2047 ᠣᠨ ᠬᠦᠷᠲᠡᠯᠡᠬᠢ ᠠᠰᠢᠭᠯᠠᠯᠲᠠ ᠶᠢᠨ ᠲᠤᠰᠬᠠᠢ ᠵᠥᠪᠰᠢᠶᠡᠷᠡᠯ ᠦᠳ ᠢ ᠴᠤᠴᠠᠯᠠᠭᠰᠠᠨ᠃  ᠡᠨᠡ ᠲᠠᠯ᠎ᠠ ᠪᠠᠷ ᠭ∙ᠽᠠᠨᠳᠠᠨᠰᠢᠲᠠᠷ᠎ᠠ ᠠᠴᠠ ᠲᠣᠳᠣᠷᠠᠭᠤᠯᠬᠤ ᠳᠤ᠄ ᠴᠢᠨᠠᠭᠰᠢᠳᠠ ᠬᠠᠤᠯᠢ ᠵᠥᠷᠢᠴᠡᠭᠰᠡᠨ ᠠᠯᠢ ᠴᠤ ᠦᠢᠯᠡ ᠠᠵᠢᠯᠯᠠᠭ᠎ᠠ ᠶᠢ ᠵᠣᠭᠰᠣᠭᠠᠵᠤ ᠲᠤᠰᠬᠠᠢ ᠵᠥᠪᠰᠢᠶᠡᠷᠡᠯ ᠢ ᠨᠢ ᠴᠤᠴᠠᠯᠠᠨ᠎ᠠ᠃ ᠭᠠᠵᠠᠷ ᠬᠤᠪᠢ ᠶᠢᠨ ᠥᠮᠴᠢ ᠪᠢᠰᠢ᠃ ᠦᠨᠳᠦᠰᠦᠨ ᠬᠠᠤᠯᠢ ᠳᠤ ᠮᠣᠩᠭᠣᠯ ᠤᠯᠤᠰ ᠤᠨ ᠭᠠᠵᠠᠷ᠂ ᠬᠡᠪᠡᠯᠢ᠂ ᠪᠠᠶᠢᠭᠠᠯᠢ ᠶᠢᠨ ᠨᠥᠭᠡᠴᠡ ᠪᠠᠶᠠᠯᠢᠭ ᠠᠷᠠᠳ ᠲᠦᠮᠡᠨ ᠦ ᠥᠮᠴᠢ ᠭᠡᠵᠦ ᠵᠢᠭᠠᠭᠰᠠᠨ᠃ ᠬᠠᠤᠯᠢ ᠵᠥᠷᠢᠴᠡᠭᠰᠡᠨ ᠪᠣᠯ ᠲᠤᠰᠬᠠᠢ ᠵᠥᠪᠰᠢᠶᠡᠷᠡᠯ ᠢ ᠨᠢ  ᠴᠤᠴᠠᠯᠠᠬᠤ ᠵᠣᠬᠢᠴᠠᠭᠤᠯᠤᠯᠲᠠ ᠲᠠᠢ᠃ ᠲᠤᠰᠬᠠᠢ ᠵᠥᠪᠰᠢᠶᠡᠷᠡᠯ ᠨᠢ ᠠᠰᠢᠭᠯᠠᠬᠤ ᠯᠠ ᠡᠷᠬᠡ᠃ ᠥᠭᠡᠷ᠎ᠡ ᠪᠡᠷ ᠬᠡᠯᠡᠪᠡᠯ᠂ ᠭᠠᠵᠠᠷ ᠤᠨ ᠪᠠᠶᠠᠯᠢᠭ ᠤᠨ ᠨᠥᠭᠡᠴᠡ ᠠᠰᠢᠭᠯᠠᠭᠰᠠᠨ ᠤ ᠲᠠᠲᠠᠪᠤᠷᠢ ᠪᠠᠨ ᠲᠥᠯᠥᠭᠡᠳ ᠠᠰᠢᠭᠯᠠᠳᠠᠭ ᠭᠡᠰᠡᠨ ᠦᠭᠡ᠃ ᠲᠦᠷᠢᠶᠡᠰᠦ ᠶᠢᠨ ᠪᠠᠶᠢᠷᠢᠨ ᠳᠤ ᠠᠮᠢᠳᠤᠷᠠᠳᠠᠭ ᠲᠠᠢ ᠠᠳᠠᠯᠢᠬᠠᠨ᠃ ᠲᠦᠷᠢᠶᠡᠰᠦ ᠪᠡᠨ ᠲᠥᠯᠥᠬᠦ ᠦᠭᠡᠢ ᠭᠡᠷ᠎ᠡ ᠪᠡᠷ ᠬᠦᠯᠢᠶᠡᠭᠰᠡᠨ ᠡᠭᠦᠷᠭᠡ ᠪᠡᠨ ᠪᠡᠶᠡᠯᠡᠭᠦᠯᠬᠦ ᠦᠭᠡᠢ ᠪᠣᠯ ᠥᠮᠴᠢ ᠪᠡᠨ ᠬᠤᠷᠢᠶᠠᠵᠤ᠂ ᠭᠡᠷ᠎ᠡ ᠪᠡᠨ ᠴᠤᠴᠠᠯᠠᠨ᠎ᠠ ᠪᠢᠵᠡ ᠳ᠋ᠡ᠃ ᠵᠠᠪᠠᠯ ᠰᠢᠭᠦᠬᠦ ᠪᠡᠷ ᠶᠠᠪᠤᠬᠤ ᠫᠷᠣᠼᠧᠰᠰ ᠪᠢᠰᠢ᠃
ᠠᠰᠢᠭᠲᠤ ᠮᠠᠯᠲᠠᠮᠠᠯ ᠤᠨ ᠬᠠᠤᠯᠢ ᠳᠤ ᠲᠤᠰᠬᠠᠢ ᠵᠥᠪᠰᠢᠶᠡᠷᠡᠯ ᠢ ᠬᠦᠴᠦᠨ ᠦᠭᠡᠢ ᠪᠣᠯᠭᠠᠬᠤ 11 ᠦᠨᠳᠦᠰᠦᠯᠡᠯ ᠪᠤᠢ᠃ ᠲᠤᠰᠬᠠᠢ ᠵᠥᠪᠰᠢᠶᠡᠷᠡᠯ ᠢ ᠨᠢ ᠬᠦᠴᠦᠨ ᠦᠭᠡᠢ ᠪᠣᠯᠭᠠᠬᠤ ᠳᠤ ᠪᠠᠨ ᠮᠡᠳᠡᠭᠳᠡᠬᠦ ᠬᠠᠭᠤᠳᠠᠰᠤ ᠥᠭᠭᠦᠭᠰᠡᠨ᠃ ᠮᠡᠳᠡᠭᠳᠡᠬᠦ ᠬᠠᠭᠤᠳᠠᠰᠤ ᠶᠢ ᠬᠦᠯᠢᠶᠡᠵᠦ ᠠᠪᠬᠤ ᠬᠦᠮᠦᠨ ᠦᠭᠡᠢ᠂ ᠭᠠᠳᠠᠭᠰᠢ ᠪᠠᠨ ᠵᠢᠭᠤᠲᠠᠭᠰᠠᠨ ᠪᠠᠶᠢᠭᠰᠠᠨ᠃ ᠪᠢᠳᠡ ᠮᠥᠨ ᠰᠤᠨᠤᠰᠬᠤ ᠠᠵᠢᠯᠯᠠᠭ᠎ᠠ ᠶᠠᠪᠤᠭᠤᠯᠤᠭᠰᠠᠨ᠃ ᠵᠠᠬᠢᠷᠭᠠᠨ ᠤ ᠶᠡᠷᠦᠩᠬᠡᠢ ᠬᠠᠤᠯᠢ ᠪᠠᠷ ᠨᠡᠶᠢᠲᠡ ᠶᠢᠨ ᠠᠰᠢᠭ ᠰᠣᠨᠢᠷᠬᠠᠯ ᠤᠨ ᠠᠰᠠᠭᠤᠳᠠᠯ ᠢᠶᠠᠷ ᠰᠣᠨᠣᠰᠬᠠᠯ ᠠᠵᠢᠯᠯᠠᠭ᠎ᠠ ᠶᠠᠪᠤᠭᠤᠯᠬᠤ ᠦᠭᠡᠢ ᠪᠡᠷ ᠴᠤ ᠠᠵᠢᠯᠯᠠᠭ᠎ᠠ ᠶᠠᠪᠤᠭᠤᠯᠵᠤ ᠪᠣᠯᠳᠠᠭ᠃ ᠰᠠᠯᠬᠢᠲᠤ ᠶᠢᠨ ᠮᠥᠩᠭᠥᠨ ᠦ ᠣᠷᠳᠣ ᠶᠢᠨ ᠦᠢᠯᠡ ᠠᠵᠢᠯᠯᠠᠭᠠᠨ ᠤ ᠴᠠᠭᠠᠨ᠎ᠠ ᠠᠰᠤᠷᠢ ᠲᠣᠮᠣ ᠰᠦᠯᠵᠢᠶ᠎ᠡ ᠪᠤᠢ᠃ ᠬᠠᠤᠯᠢ ᠬᠢᠨᠠᠯᠲᠠ ᠶᠢᠨ ᠬᠢᠨ ᠪᠣᠯᠤᠨ ᠬᠡᠪᠯᠡᠯ ᠮᠡᠳᠡᠭᠡᠯᠡᠯ ᠦᠨ ᠬᠢᠨ ᠣᠷᠣᠯᠴᠠᠵᠤ  ᠰᠠᠩᠬᠦᠦᠵᠢᠭᠰᠡᠨ ᠠᠰᠠᠭᠤᠳᠠᠯ ᠪᠤᠢ᠃ ᠲᠡᠨᠳᠡ ᠬᠣᠶᠠᠷ ᠪᠦᠯᠦᠭ ᠦᠨ ᠮᠠᠰᠢ ᠲᠣᠮᠣ ᠠᠰᠢᠭ ᠰᠣᠨᠢᠷᠬᠠᠯ ᠪᠤᠢ᠃ ᠬᠠᠮᠠᠭᠠᠯᠠᠯᠲᠠ ᠶᠢᠨ ᠠᠯᠪᠠ ᠨᠢ ᠣᠯᠠᠨ ᠣᠪᠶᠧᠺᠲ ᠬᠠᠮᠠᠭᠠᠯᠠᠳᠠᠭ᠂ ᠬᠠᠤᠯᠢ ᠬᠢᠨᠠᠯᠲᠠ ᠶᠢᠨ ᠬᠢᠨ ᠲᠠᠢ ᠬᠣᠯᠪᠣᠭᠠᠲᠠᠢ ᠮᠠᠰᠢ ᠲᠣᠮᠣ ᠰᠦᠯᠵᠢᠶ᠎ᠡ ᠪᠤᠢ ᠤᠴᠢᠷ ᠠᠴᠠ ᠲᠤᠰᠬᠠᠢ ᠠᠵᠢᠯᠯᠠᠭ᠎ᠠ ᠵᠠᠶᠢᠯᠠᠰᠢ ᠦᠭᠡᠢ ᠬᠢᠭᠳᠡᠬᠦ ᠶᠣᠰᠣᠲᠠᠢ ᠪᠠᠶᠢᠭᠰᠠᠨ ᠭᠡᠯ᠎ᠡ᠃

ᠰᠡᠳᠬᠢᠭᠳᠡᠯ ᠦᠯᠡᠳᠡᠭᠡᠬᠦ