ᠬᠡᠲᠦ ᠵᠠᠢ ᠶᠢᠨ ᠭᠦᠶᠦᠯᠲᠡ ᠶᠢᠨ ᠵᠢᠷᠭᠤᠭᠠᠨ ᠡᠳᠦᠷ ᠦᠨ ᠮᠠᠷᠠᠹᠣᠨ ᠠᠮᠧᠷᠢᠺᠠ ᠶᠢᠨ ᠠᠷᠢᠽᠣᠨᠠ ᠮᠤᠵᠢ ᠶᠢᠨ ᠹᠢᠨᠢᠺᠰ ᠬᠤᠲᠠ ᠳᠤ ᠪᠣᠯᠵᠤ ᠪᠠᠶᠢᠨ᠎ᠠ᠃ ᠡᠨᠡᠬᠦ ᠤᠷᠤᠯᠳᠤᠭᠠᠨ ᠮᠠᠷᠭᠠᠰᠢ ︵2019.01.04︶ ᠥᠨᠳᠥᠷᠯᠡᠬᠦ ᠪᠥᠭᠡᠳ ᠮᠣᠩᠭᠣᠯ ᠤᠯᠤᠰ ᠠᠴᠠ ᠣᠷᠣᠯᠴᠠᠭᠴᠢ ᠪ ∙ᠪᠤᠳ᠋ᠵᠢᠷᠭᠠᠯ᠂ ᠳ∙ᠭᠠᠩᠪᠠᠲᠤ ᠨᠠᠷ ᠠᠮᠵᠢᠯᠲᠠᠲᠠᠢ ᠣᠷᠣᠯᠴᠠᠵᠤ ᠪᠠᠶᠢᠨ᠎ᠠ᠃ 30 ᠤᠯᠤᠰ ᠤᠨ 300 ᠭᠠᠷᠤᠢ ᠲᠠᠮᠢᠷᠴᠢᠳ ᠬᠤᠷᠳᠤ᠂ ᠬᠦᠴᠦ᠂ ᠲᠡᠰᠪᠦᠷᠢ ᠬᠠᠲᠠᠭᠤᠵᠢᠯ ᠢᠶᠠᠨ ᠰᠣᠷᠢᠵᠤ ᠂ 1.6 ᠺᠢᠯᠣᠮᠧᠲ᠋ᠷ ᠲᠣᠭᠣᠷᠢᠭ ᠵᠠᠮ ᠢᠶᠠᠷ ᠵᠢᠷᠭᠤᠭᠠᠨ ᠡᠳᠦᠷ᠂ ᠵᠢᠷᠭᠤᠭᠠᠨ ᠰᠥᠨᠢ ᠶᠢᠨ ᠲᠤᠷᠰᠢ ᠲᠠᠰᠤᠷᠠᠯᠲᠠ ᠦᠭᠡᠢ ᠭᠦᠶᠦᠵᠦ᠂ ᠬᠠᠮᠤᠭ ᠤᠨ ᠣᠯᠠᠨ ᠺᠢᠯᠦᠮᠸᠲᠷ ᠵᠠᠮ ᠢ ᠲᠤᠭᠤᠯᠤᠭᠰᠠᠨ ᠣᠷᠣᠯᠴᠠᠭᠴᠢ ᠢᠯᠠᠭᠴᠢ ᠪᠣᠯᠬᠤ ᠶᠤᠮ᠃
ᠰᠡᠭᠦᠯ ᠦᠨ ᠵᠢᠯ ᠦᠳ ᠲᠦ ᠡᠨᠡᠬᠦ ᠰᠫᠣᠷᠲ ᠢ ᠰᠣᠩᠭᠣᠵᠤ᠂ ᠣᠯᠠᠨ ᠤᠯᠤᠰ ᠲᠦ ᠡᠬᠡ ᠣᠷᠣᠨ ᠤ ᠪᠠᠨ ᠨᠡᠷ᠎ᠡ ᠶᠢ ᠭᠠᠷᠭᠠᠵᠤ ᠪᠤᠢ ᠪ∙ᠪᠤᠳ᠋ᠵᠢᠷᠭᠠᠯ10 ᠡᠳᠦᠷ ᠦᠨ ᠭᠦᠶᠦᠯᠲᠡ ᠶᠢᠨ ᠳᠡᠯᠡᠬᠡᠢ ᠶᠢᠨ ᠠᠪᠤᠷᠭᠤ ᠴᠣᠯᠠ ᠶᠢ ᠬᠦᠷᠲᠡᠭᠡᠳ ᠪᠠᠶᠢᠭ᠎ᠠ ᠶᠤᠮ᠃