ᠳᠣᠷᠣᠨᠠᠭᠣᠪᠢ ᠠᠶᠢᠮᠠᠭ ᠤᠨ ᠮᠦᠽᠧᠢ ᠰᠤᠷᠭᠠᠯᠲᠠ᠂ ᠰᠤᠳᠤᠯᠭᠠᠨ ᠤ ᠲᠥᠪ ᠮᠦᠽᠧᠢ ᠶᠢᠨ ᠦᠵᠡᠮᠦᠷᠢ ᠨᠦᠭᠦᠳ ᠢᠶᠡᠨ ᠥᠩᠭᠡᠷᠡᠭᠴᠢ 12 ᠳ᠋ᠤᠭᠠᠷ ᠰᠠᠷ᠎ᠠ ᠶᠢᠨ ᠰᠡᠭᠦᠯᠴᠢ ᠡᠴᠡ ᠡᠬᠢᠯᠡᠨ ᠲᠣᠭᠠᠯᠠᠵᠤ ᠡᠬᠢᠯᠡᠵᠡᠢ᠃ ᠮᠦᠽᠧᠢ ᠨᠢ ᠵᠢᠯ ᠪᠦᠷᠢ ᠰᠢᠨ᠎ᠡ ᠰᠣᠨᠢᠨ ᠦᠵᠡᠮᠦᠷᠢ ᠨᠡᠮᠡᠳᠡᠭ ᠲᠡᠳᠦᠢ ᠦᠭᠡᠢ ᠡᠮᠦᠨᠡᠬᠢ ᠪᠡᠨ ᠰᠡᠷᠭᠦᠭᠡᠨ ᠵᠠᠰᠠᠪᠤᠷᠢᠯᠠᠬᠤ᠂ ᠰᠢᠨᠡᠳᠭᠡᠬᠦ ᠭᠡᠳ ᠠᠵᠢᠯ ᠶᠡᠬᠡ ᠪᠠᠶᠢᠳᠠᠭ ᠲᠤᠯᠠ ᠵᠠᠶᠢᠯᠠᠰᠢ ᠦᠭᠡᠢ ᠲᠣᠭᠠᠯᠠᠵᠤ ᠪᠦᠷᠢᠳᠬᠡᠯᠵᠢᠭᠦᠯᠬᠦ ᠱᠠᠭᠠᠷᠳᠠᠯᠭ᠎ᠠ ᠲᠠᠢ ᠭᠡᠵᠦ ᠰᠠᠩ ᠬᠥᠮᠥᠷᠭᠡᠴᠢ ᠭ∙ᠰᠠᠷᠠᠨᠭᠡᠷᠡᠯ ᠥᠭᠥᠯᠡᠪᠡ᠃
ᠠᠩᠬ᠎ᠠ 1949 ᠣᠨ ᠳᠤ ᠠᠶᠢᠮᠠᠭ ᠤᠨ ᠣᠷᠣᠨ ᠨᠤᠲᠤᠭ ᠰᠤᠳᠤᠯᠬᠤ ᠺᠠᠪᠢᠨᠧᠲ ᠰᠠᠶᠢᠨᠱᠠᠩᠳᠠ ᠳᠤ ᠠᠯᠪᠠᠨ ᠶᠣᠰᠣᠭᠠᠷ ᠪᠤᠢ ᠪᠣᠯᠵᠤ᠂ ᠦᠵᠡᠮᠦᠷᠢ ᠶᠢᠨ ᠰᠠᠩ ᠢᠶᠠᠨ ᠣᠯᠠᠨ ᠨᠡᠶᠢᠲᠡ ᠳᠦ ᠳᠡᠯᠭᠡᠭᠰᠡᠨ ᠡᠴᠡ ᠬᠣᠶᠢᠰᠢ ᠵᠢᠯ ᠡᠴᠡ ᠵᠢᠯ ᠳᠦ ᠪᠠᠶᠠᠵᠢᠭᠤᠯᠤᠨ ᠡᠳᠦᠭᠡ ᠵᠢᠷᠭᠤᠭᠠᠨ ᠲᠠᠩᠬᠢᠮ ᠳᠤ ᠨᠡᠶᠢᠲᠡ 6000 ᠭᠠᠷᠤᠢ ᠦᠵᠡᠮᠦᠷᠢ ᠳᠡᠯᠭᠡᠨ ᠲᠠᠯᠪᠢᠳᠠᠭ ᠪᠣᠯᠵᠠᠢ᠃ ᠳᠠᠰᠢᠷᠠᠮ ᠳᠤ ᠳᠤᠷᠠᠳᠬᠤ ᠳᠤ ᠮᠦᠽᠧᠢ ᠶᠢᠨ ᠠᠵᠢᠯᠲᠠᠨ ᠨᠠᠷ 2018 ᠣᠨ ᠳᠤ ᠦᠵᠡᠮᠦᠷᠢ ᠶᠢᠨ ᠢᠶᠡᠨ ᠭᠣᠣᠯ ᠲᠠᠩᠬᠢᠮ ᠤᠨ ᠨᠢᠭᠡ ᠶᠢ ᠰᠡᠷᠭᠦᠭᠡᠨ ᠵᠠᠰᠠᠪᠤᠷᠢᠯᠠᠵᠤ ᠡᠷᠲᠡᠨ ᠦ ᠠᠪᠤᠷᠭᠤ ᠰᠦᠨ ᠲᠡᠵᠢᠭᠡᠯᠲᠡᠨ᠂ ᠦᠯᠦᠭ ᠭᠦᠷᠪᠡᠯ ᠵᠡᠷᠭᠡ ᠰᠡᠭᠡᠷ ᠨᠢᠷᠤᠭᠤᠲᠠᠨ ᠠᠮᠢᠲᠠᠳ ᠤᠨ ᠲᠤᠬᠠᠢ ᠰᠣᠨᠢᠷᠬᠠᠯᠲᠠᠢ ᠦᠵᠡᠮᠦᠷᠢ ᠪᠡᠷ ᠰᠢᠨᠡᠴᠢᠯᠡᠨ ᠪᠠᠶᠠᠵᠢᠭᠤᠯᠵᠤ ᠂ ᠣᠯᠠᠨ ᠤ ᠬᠦᠷᠲᠡᠭᠡᠯ ᠪᠣᠯᠭᠠᠭᠰᠠᠨ᠂ ᠠᠶᠢᠮᠠᠭ ᠤᠨ ᠶᠡᠬᠡᠩᠬᠢ ᠰᠤᠮᠤᠳ ᠲᠤ ᠨᠡᠭᠦᠳᠡᠯ ᠦᠨ ᠮᠦᠽᠧᠢ ᠠᠵᠢᠯᠯᠠᠭᠤᠯᠤᠭᠰᠠᠨ᠂ ᠮᠦᠽᠧᠢ ᠶᠢᠨ ᠪᠠᠷᠢᠯᠭ᠎ᠠ ᠪᠠᠨ ᠢᠵᠢ ᠪᠦᠷᠢᠨ ᠢᠶᠡᠷ ᠵᠠᠰᠠᠪᠤᠷᠢᠯᠠᠭᠰᠠᠨ ᠭᠡᠳ ᠣᠯᠠᠨ ᠰᠢᠨᠡᠯᠢᠭ ᠠᠵᠢᠯ ᠢ ᠬᠢᠵᠡᠢ᠃ ᠮᠦᠽᠧᠢ ᠶᠢᠨ ᠲᠣᠭᠠᠯᠠᠯᠭ᠎ᠠ ᠨᠢᠭᠡᠳᠦᠭᠡᠷ ᠰᠠᠷ᠎ᠠ ᠶᠢ ᠳᠠᠭᠤᠰᠲᠠᠯ᠎ᠠ ᠦᠷᠭᠦᠯᠵᠢᠯᠡᠨ᠎ᠡ᠃