ᠤᠷᠠᠨ ᠵᠣᠬᠢᠶᠠᠯ ᠤᠨ ᠡᠳᠦᠷ ᠦᠳ ᠡᠬᠢᠯᠡᠵᠦ ᠪᠠᠶᠢᠨ᠎ᠠ | News.MN

ᠤᠷᠠᠨ ᠵᠣᠬᠢᠶᠠᠯ ᠤᠨ ᠡᠳᠦᠷ ᠦᠳ ᠡᠬᠢᠯᠡᠵᠦ ᠪᠠᠶᠢᠨ᠎ᠠ

ᠮᠣᠩᠭᠣᠯ ᠤᠨ ᠵᠣᠬᠢᠶᠠᠯᠴᠢᠳ ᠤᠨ ᠡᠪᠯᠡᠯ ᠦᠨ 90 ᠵᠢᠯ ᠦᠨ ᠣᠢ ᠡᠨᠡ ᠣᠨ ᠳᠤ ᠲᠣᠬᠢᠶᠠᠵᠤ ᠪᠤᠢ᠃ ᠣᠢ ᠳᠤ ᠵᠣᠷᠢᠭᠤᠯᠤᠨ ᠥᠨᠥᠳᠥᠷ ︵2019.01.03︶ ︽ᠪᠠᠳᠠᠷᠠᠩᠭᠤᠢ ᠤᠷᠠᠯᠢᠭ︾ ᠲᠥᠷᠥ ᠶᠢᠨ ᠪᠤᠰᠤ ᠪᠠᠶᠢᠭᠤᠯᠤᠯᠭ᠎ᠠ ᠠᠴᠠ ᠰᠢᠨ᠎ᠡ ᠣᠨ ᠤ ᠪᠤᠱᠤᠭᠠᠨ ᠳᠡᠭᠡᠷ᠎ᠡ ᠪᠠᠷᠢᠨᠲᠠᠭᠯᠠᠭᠰᠠᠨ ︽ᠴᠢᠩᠭᠢᠰ ᠦᠨ ᠮᠣᠩᠭᠣᠯ ᠤᠨ ᠲᠩᠷᠢᠯᠢᠭ ᠵᠣᠬᠢᠶᠠᠯᠴᠢᠳ︾ ᠨᠣᠮ ᠤᠨ ᠢᠶᠠᠨ ᠳᠡᠭᠡᠵᠢ ᠶᠢ ᠵᠣᠬᠢᠶᠠᠯᠴᠢᠳ ᠤᠨ ᠡᠪᠯᠡᠯ ᠦᠨ ᠤᠳᠤᠷᠢᠳᠤᠯᠭ᠎ᠠ ᠨᠠᠷ ᠲᠤ ᠭᠠᠷᠳᠠᠭᠤᠯᠤᠨ ᠥᠭᠭᠦᠯ᠎ᠡ᠃ ᠮᠥᠨ ᠵᠣᠬᠢᠶᠠᠯᠴᠢᠳ ᠤᠨ ᠡᠪᠯᠡᠯ ᠦᠨ ᠤᠳᠤᠷᠢᠳᠬᠤ ᠵᠥᠪᠯᠡᠯ ᠦᠨ ᠳᠠᠷᠤᠭ᠎ᠠ ᠳ᠋ᠤ᠋᠂ ᠴᠡᠨᠳᠡᠵᠠᠪ᠂  ᠭᠦᠢᠴᠡᠳᠭᠡᠬᠦ ᠵᠠᠬᠢᠷᠤᠯ ᠮ∙ᠰᠠᠷᠠᠭᠤᠯᠳᠠᠯᠠᠢ᠂ ᠮᠣᠩᠭᠣᠯ ᠤᠨ ᠵᠣᠬᠢᠶᠠᠯᠴᠢᠳ ᠤᠨ ᠡᠪᠯᠡᠯ ᠦᠨ ᠍ ᠦᠨ ᠢᠷᠠᠭᠤ ᠨᠠᠶᠢᠷᠠᠭ ᠤᠨ ᠦᠨᠳᠦᠰᠦᠨ ᠦ ᠲᠥᠪ ᠦᠨ ᠲᠡᠷᠢᠭᠦᠨ ᠵ∙ᠪᠠᠶᠠᠷᠵᠢᠷᠭᠠᠯ ᠨᠠᠷ ︽ᠡᠳᠦᠷ ᠦᠨ ᠰᠣᠨᠢᠨ︾᠍ ᠤ ᠠᠰᠠᠭᠤᠬᠤ ᠡᠷᠬᠡ ᠶᠢᠨ ᠲᠠᠩᠬᠢᠮ ᠳᠤ ᠮᠡᠳᠡᠭᠡᠯᠡᠯ ᠥᠭᠭᠦᠯ᠎ᠡ᠃
ᠢᠷᠠᠭᠤ ᠨᠠᠶᠢᠷᠠᠭ ᠤᠨ ᠦᠨᠳᠦᠰᠦᠨ ᠦ ᠲᠥᠪ ᠦᠨ ᠲᠡᠷᠢᠭᠦᠯᠡᠭᠴᠢ᠂ ︽ᠪᠣᠯᠣᠷ ᠴᠣᠮᠣ︾ ᠶᠢᠨ᠍ ᠡᠵᠡᠨ ᠵ∙ᠪᠠᠶᠠᠷᠵᠢᠷᠭᠠᠯ ᠬᠡᠯᠡᠬᠦ ᠳᠦ ᠪᠡᠨ᠄ᠮᠣᠩᠭᠣᠯ ᠤᠨ ᠵᠣᠬᠢᠶᠠᠯᠴᠢᠳ ᠤᠨ ᠡᠪᠯᠡᠯ ᠦᠨ ᠣᠢ ᠡᠨᠡ ᠰᠠᠷ᠎ᠠ ᠶᠢᠨ 9 ᠳᠦ ᠲᠣᠬᠢᠶᠠᠵᠤ ᠪᠠᠶᠢᠨ᠎ᠠ᠃ ᠡᠨᠡ ᠰᠠᠷ᠎ᠠ ᠶᠢᠨ 5 ᠳᠦ ᠭᠣᠪᠢ-ᠠᠯᠲᠠᠢ ᠠᠶᠢᠮᠠᠭ ᠲᠤ ︽ᠪᠣᠯᠣᠷ ᠴᠣᠮᠣ︾ ᠨᠠᠭᠠᠳᠤᠮ ᠪᠣᠯᠤᠨ᠎ᠠ᠃ ᠡᠨᠡ ᠦᠶ᠎ᠡ ᠪᠡᠷ ᠪᠣᠯᠣᠷ ᠴᠣᠮᠣ ᠶᠢᠨ ᠱᠠᠩᠨᠠᠯᠲᠠᠨ ᠨᠤᠭᠤᠳ ᠨᠠᠶᠢᠷᠠᠭ ᠢᠶᠠᠨ ᠤᠩᠰᠢᠬᠤ ᠠᠴᠠ ᠭᠠᠳᠠᠨ᠎ᠠ ᠲᠤᠸᠠ᠂  ᠦᠪᠦᠷ ᠮᠤᠩᠭᠤᠯ᠂ ᠳᠡᠭᠡᠳᠦ ᠮᠣᠩᠭᠣᠯ ᠤᠨ ᠵᠣᠬᠢᠶᠠᠯᠴᠢᠳ ᠤᠨ ᠪᠠᠶᠢᠭᠤᠯᠤᠯᠭ᠎ᠠ ᠠᠴᠠ ᠲᠥᠯᠥᠭᠡᠯᠡᠯ ᠢᠷᠡᠨ᠎ᠡ᠃ ᠡᠨᠡ ᠪᠠᠰᠠᠩ ᠭᠠᠷᠠᠭ ᠲᠤ ︽ᠶᠡᠬᠡ ᠰᠤᠶᠤᠯ ᠶᠡᠬᠡ ᠦᠨᠳᠦᠰᠦ︾ ᠬᠥᠲᠥᠯᠪᠦᠷᠢ ᠶᠢᠨ ᠬᠦᠷᠢᠶᠡᠨ ᠳᠦ ᠮᠣᠩᠭᠣᠯ ᠤᠨ ᠵᠣᠬᠢᠶᠠᠯᠴᠢᠳ ᠤᠨ ᠡᠪᠯᠡᠯ ᠦᠨ 90 ᠵᠢᠯ ᠦᠨ ᠨᠡᠷᠡᠮᠵᠢᠲᠦ ᠤᠷᠠᠨ ᠦᠭᠡᠰ ᠦᠨ ᠨᠢᠭᠡᠳᠦᠭᠰᠡᠨ ᠴᠢᠭᠤᠯᠭᠠᠨ ᠭᠤᠪᠢᠰᠦ᠋ᠮᠪᠤᠷ ᠠᠶᠢᠮᠠᠭ ᠤᠨ ᠲᠥᠪ ᠲᠦ ᠵᠣᠬᠢᠶᠠᠨ ᠪᠠᠶᠢᠭᠤᠯᠤᠭᠳᠠᠨ᠎ᠠ᠃ ᠡᠭᠦᠨ ᠳᠦ ᠠᠬᠠᠮᠠᠳ᠂ ᠳᠤᠮᠳᠠ᠂ ᠵᠠᠯᠠᠭᠤ ᠦᠶ᠎ᠡ ᠶᠢᠨ 15 ᠵᠣᠬᠢᠶᠠᠯᠴᠢ᠂ ᠢᠷᠠᠭᠤ ᠨᠠᠶᠢᠷᠠᠭᠴᠢ ᠲ∙ᠭᠠᠯᠰᠠᠩ᠂ ᠠ᠊∙ᠲᠡᠮᠦᠷᠸᠴᠢᠷ᠂ ᠼ∙ᠪᠠᠪᠤᠳᠣᠷᠵᠢ᠂ ᠭ∙ᠠᠶᠤᠤᠷᠵᠠᠨ᠎ᠠ᠂ ᠱ∙ᠭᠦᠷᠦᠪᠠᠽᠠᠷ᠂ ᠪ∙ᠳᠣᠭᠮᠢᠳ ᠨᠠᠷ ᠤᠷᠠᠨ ᠦᠭᠡᠰ ᠦᠨ ᠴᠢᠭᠤᠯᠭᠠᠨ ᠢᠶᠠᠨ ᠤᠩᠰᠢᠨ᠎ᠠ ᠭᠡᠰᠡᠨ ᠶᠤᠮ᠃
ᠮᠥᠨ ᠢᠷᠠᠭᠤ ᠨᠠᠶᠢᠷᠠᠭ ᠤᠨ ᠦᠨᠳᠦᠰᠦᠨ ᠦ ᠲᠥᠪ᠂ ᠮᠣᠩᠭᠣᠯ ᠤᠨ ᠤᠰᠤᠨ ᠪᠤᠳᠤᠭ ᠤᠨ ᠬᠣᠯᠪᠣᠭ᠎ᠠ᠂ ᠪᠧᠰᠲ  ᠠᠷᠲ ᠭᠠᠯᠯᠧᠷᠧᠢ ᠬᠠᠮᠲᠤᠷᠠᠨ ︽ᠢᠷᠠᠭᠤ ᠨᠠᠶᠢᠷᠠᠭᠴᠢ ᠶᠢᠨ ᠬᠥᠷᠥᠭ︾ ᠦᠵᠡᠰᠬᠦᠯᠡᠩ ᠢ ᠮᠠᠷᠭᠠᠰᠢ ᠦᠵᠡᠭᠴᠢᠳ ᠦᠨ ᠬᠦᠷᠲᠡᠭᠡᠯ ᠪᠣᠯᠭᠠᠬᠤ ᠠᠵᠠᠢ᠃ ᠦᠵᠡᠰᠬᠦᠯᠡᠩ ᠳᠦ 60 ᠭᠠᠷᠤᠢ ᠢᠷᠠᠭᠤ ᠨᠠᠶᠢᠷᠠᠭᠴᠢ ᠶᠢᠨ ᠬᠥᠷᠥᠭ ᠢ ᠳᠡᠯᠭᠡᠨ᠎ᠡ ᠭᠡᠳᠡᠭ ᠢ ᠮᠣᠩᠭᠣᠯ ᠤᠨ ᠵᠣᠬᠢᠶᠠᠯᠴᠢᠳ ᠤᠨ ᠡᠪᠯᠡᠯ ᠦᠨ ᠣᠯᠠᠨ ᠨᠡᠶᠢᠲᠡ ᠲᠡᠢ ᠬᠠᠷᠢᠯᠴᠠᠬᠤ᠂ ᠬᠡᠪᠯᠡᠯ ᠮᠡᠳᠡᠭᠡᠯᠡᠯ ᠦᠨ ᠠᠵᠢᠯᠲᠠᠨ ᠨ∙ᠫᠦᠷᠪᠦ ᠬᠡᠯᠡᠯ᠎ᠡ᠃ ᠲᠡᠷᠡ᠄ ᠡᠨᠡ ᠰᠠᠷ᠎ᠠ ᠶᠢᠨ 4᠍ ᠳᠦ ᠴᠤᠶᠢᠷ ᠬᠤᠲᠠ ᠳᠤ ᠤᠷᠠᠨ ᠦᠭᠡᠰ ᠦᠨ ᠴᠢᠭᠤᠯᠭᠠᠨ ᠤᠩᠰᠢᠭᠴᠢ ᠵᠣᠬᠢᠶᠠᠯᠴᠢᠳ ᠤᠨ ᠠᠭᠤᠯᠵᠠᠯᠲᠠ ᠪᠣᠯᠤᠨ᠎ᠠ᠃ ᠣᠨ ᠤ ᠰᠢᠯᠢᠳᠡᠭ ᠰᠢᠯᠭᠠᠷᠠᠭᠤᠯᠬᠤ ︽ᠠᠯᠲᠠᠨ ᠥᠳᠥ︾ ᠨᠠᠭᠠᠳᠤᠮ ᠨᠢᠭᠡᠳᠦᠭᠡᠷ ᠰᠠᠷ᠎ᠠ ᠶᠢᠨ 7 ᠳᠦ ᠭᠠᠳᠠᠭᠠᠳᠤ ᠬᠠᠷᠢᠯᠴᠠᠭᠠᠨ ᠤ ᠶᠠᠮᠤᠨ ᠳᠤ ᠪᠣᠯᠤᠨ᠎ᠠ᠃ ᠡᠨᠡ ᠰᠠᠷ᠎ᠠ ᠶᠢᠨ 8 ᠳᠦ ᠮᠣᠩᠭᠣᠯ ᠤᠨ ᠵᠣᠬᠢᠶᠠᠯᠴᠢᠳ ᠤᠨ ᠡᠪᠯᠡᠯ ᠦᠨ 90 ᠵᠢᠯ ᠦᠨ ᠣᠢ ᠳᠤ ᠵᠣᠷᠢᠭᠤᠯᠤᠭᠰᠠᠨ ᠡᠷᠳᠡᠮ ᠰᠢᠨᠵᠢᠯᠡᠭᠡᠨ ᠦ ᠪᠠᠭ᠎ᠠ ᠬᠤᠷᠠᠯ ᠢ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠨᠣᠮ ᠤᠨ ᠰᠠᠩ ᠳᠤ ᠵᠣᠬᠢᠶᠠᠨ ᠪᠠᠶᠢᠭᠤᠯᠤᠨ᠎ᠠ᠃ ᠣᠢ ᠶᠢᠨ ᠡᠳᠦᠷ ᠶᠡᠬᠡ ᠵᠣᠬᠢᠶᠠᠯᠴᠢ᠂ ᠲᠥᠷᠥ ᠨᠡᠶᠢᠭᠡᠮ ᠤᠨ ᠵᠢᠳᠬᠦᠯᠲᠡᠨ ᠳ∙ᠨᠠᠴᠤᠭᠳᠣᠷᠵᠢ᠂ ᠡᠵᠡᠨ ᠴᠢᠩᠭᠢᠰ ᠬᠠᠭᠠᠨ ᠤ ᠪᠠᠨ ᠬᠦᠰᠢᠶᠡᠨ ᠳᠦ ᠴᠡᠴᠡᠭ ᠡᠷᠭᠦᠵᠦ ᠬᠦᠨᠳᠦᠳᠬᠡᠯ ᠦᠵᠡᠭᠦᠯᠦᠨ ᠪᠠᠶᠠᠷ ᠤᠨ ᠬᠤᠷᠠᠯ ᠢᠶᠠᠨ ᠬᠢᠨ᠎ᠡ ᠭᠡᠪᠡ᠃

ᠰᠡᠳᠬᠢᠭᠳᠡᠯ ᠦᠯᠡᠳᠡᠭᠡᠬᠦ