ᠮᠡᠷᠭᠡᠵᠢᠯ ᠦᠨ ᠪᠤᠤᠺᠰ ᠤᠨ ᠷᠢᠩᠭᠢᠨ ᠳᠦ ᠲᠤᠯᠤᠯᠳᠤᠵᠤ ᠶᠠᠪᠤᠭ᠎ᠠ ᠨ∙ᠲᠡᠭᠦᠰᠴᠤᠭᠲᠤ ᠳᠡᠯᠡᠬᠡᠢ ᠶᠢᠨ ᠠᠪᠤᠷᠭᠤ ᠴᠣᠯᠠᠨ ᠤ ᠲᠥᠯᠥᠭᠡ ᠲᠤᠯᠤᠯᠳᠤᠬᠤ ᠪᠠᠷ ᠪᠣᠯᠤᠭᠰᠠᠨ ᠪᠠᠶᠢᠨ᠎ᠠ᠃ ᠲᠡᠷᠡ ᠪᠡᠷ ᠡᠨᠡ ᠰᠠᠷ᠎ᠠ ᠶᠢᠨ 26 ᠦ ᠡᠳᠦᠷ ᠳ᠋ᠤᠮᠢᠨᠢᠺ ᠤᠯᠤᠰ ᠤᠨ ᠪᠤᠤᠺᠰᠴᠢᠨ ᠺ∙ᠮᠠᠷᠷᠧᠷᠣ᠋ ᠲᠠᠢ ᠲᠤᠯᠤᠯᠳᠤᠬᠤ ᠪᠥᠭᠡᠳ ᠢᠯᠠᠭᠰᠠᠨ ᠨᠢ IBO ᠬᠣᠯᠪᠣᠭᠠᠨ ᠤ 57.2 ᠺᠢᠯᠦᠭᠷᠡᠮ ᠦᠨ ᠳᠡᠯᠡᠬᠡᠢ ᠶᠢᠨ ᠠᠪᠤᠷᠭᠤ ᠶᠢᠨ ᠪᠥᠰᠡ ᠶᠢ ᠡᠵᠡᠮᠰᠢᠬᠦ ᠪᠡᠷ ᠪᠣᠯᠵᠠᠢ᠃ ᠡᠨᠡ ᠲᠠᠯ᠎ᠠ ᠪᠠᠷ IBO ᠬᠣᠯᠪᠣᠭ᠎ᠠ ᠮᠡᠳᠡᠭᠡᠯᠡᠭᠡᠳ ᠪᠤᠢ ᠶᠤᠮ᠃ ᠨ∙ᠲᠡᠭᠦᠰᠴᠤᠭᠲᠤ ᠮᠡᠷᠭᠡᠵᠢᠯ ᠦᠨ ᠪᠤᠤᠺᠰ ᠤᠨ ᠷᠢᠩᠭᠢᠨ ᠳᠦ ᠠᠷᠪᠠᠨ ᠤᠳᠠᠭ᠎ᠠ ᠲᠤᠯᠤᠯᠳᠤᠵᠤ ᠨᠢᠭᠡ ᠴᠤ ᠢᠯᠠᠭᠳᠠᠯ ᠬᠦᠯᠢᠶᠡᠭᠡ ᠦᠭᠡᠢ ᠶᠤᠮ᠃ ᠲᠡᠷᠡ ᠪᠡᠷ ᠬᠠᠮᠤᠭ ᠤᠨ ᠴᠢᠬᠤᠯᠠ ᠲᠤᠯᠤᠭᠠᠨ ᠢ ᠡᠨᠡ ᠰᠠᠷ᠎ᠠ ᠶᠢᠨ 26 ᠳᠦ ᠨᠢᠦ᠋ ᠶᠤᠷᠺ ᠤᠨ Barclays center ᠳᠦ ᠬᠢᠬᠦ ᠪᠡᠷ ᠲᠣᠪᠯᠠᠭᠳᠠᠵᠠᠢ᠃