ᠠᠭᠠᠷ ᠠᠴᠠ ᠠᠪᠤᠷᠠᠬᠤ ᠠᠵᠢᠯᠯᠠᠭᠠᠨ ᠤ ᠰᠤᠷᠭᠠᠭᠤᠯᠢ ᠬᠢᠯ᠎ᠡ | News.MN

ᠠᠭᠠᠷ ᠠᠴᠠ ᠠᠪᠤᠷᠠᠬᠤ ᠠᠵᠢᠯᠯᠠᠭᠠᠨ ᠤ ᠰᠤᠷᠭᠠᠭᠤᠯᠢ ᠬᠢᠯ᠎ᠡ

ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠤᠨ ᠬᠠᠷᠢᠶ᠎ᠠ ᠦᠨᠳᠦᠰᠦᠨ ᠦ ᠠᠪᠤᠷᠠᠬᠤ ᠪᠠᠷᠢᠭᠠᠳᠠ᠂ ᠨᠡᠶᠢᠰᠯᠡᠯ ᠦᠨ ᠠᠪᠤᠷᠠᠬᠤ ᠠᠩᠭᠢ 105 ᠶᠢᠨ᠍ ᠬᠠᠮᠲᠤᠷᠠᠭᠰᠠᠨ ︽ᠠᠭᠠᠷ ᠠᠴᠠ ᠠᠪᠤᠷᠠᠬᠤ ᠠᠵᠢᠯᠯᠠᠭ᠎ᠠ ᠶᠠᠪᠤᠭᠤᠯᠬᠤ ᠨᠢ︾ ᠰᠡᠳᠦᠪᠲᠦ ᠳᠠᠳᠤᠯᠭ᠎ᠠ ᠰᠤᠷᠭᠠᠭᠤᠯᠢ 2018 ᠣᠨ 12 ᠳ᠋ᠤᠭᠠᠷ ᠰᠠᠷ᠎ᠠ ᠶᠢᠨ 25-27  ᠤ ᠡᠳᠦᠷ ᠦᠳ ᠲᠦ ᠲᠠᠬᠢᠯᠲᠤ ᠳ᠋ᠡᠬᠢ ᠦᠨᠳᠦᠰᠦᠨ ᠦ ᠠᠪᠤᠷᠠᠬᠤ ᠪᠠᠷᠢᠭᠠᠳᠠ ᠶᠢᠨ ᠰᠤᠷᠭᠠᠯᠲᠠ ᠶᠢᠨ ᠲᠥᠪ ᠲᠦ ᠠᠮᠵᠢᠯᠲᠠᠲᠠᠢ ᠵᠣᠬᠢᠶᠠᠨ ᠪᠠᠶᠢᠭᠤᠯᠤᠭᠳᠠᠯ᠎ᠠ᠃
ᠲᠤᠰ ᠰᠤᠷᠭᠠᠯᠲᠠ 12 ᠳ᠋ᠤᠭᠠᠷ ᠰᠠᠷ᠎ᠠ ᠶᠢᠨ 26᠂ 27  ᠤ ᠡᠳᠦᠷ ᠦᠳ ᠲᠦ ᠲᠠᠬᠢᠯᠲᠤ ᠳ᠋ᠡᠬᠢ ᠦᠨᠳᠦᠰᠦᠨ ᠦ ᠠᠪᠤᠷᠠᠬᠤ ᠪᠠᠷᠢᠭᠠᠳᠠ ᠶᠢᠨ ᠰᠤᠷᠭᠠᠯᠲᠠ ᠶᠢᠨ ᠲᠥᠪ ᠲᠦ ᠨᠢᠰᠳᠡᠭ ᠲᠡᠷᠭᠡᠨ ᠡᠴᠡ ᠵᠢᠭᠠᠭᠳᠠᠭᠰᠠᠨ ᠪᠥᠰᠡ ᠳᠦ ᠠᠪᠤᠷᠠᠭᠴᠢᠳ ᠢ ᠣᠯᠤᠭᠰᠠᠭᠠᠷ ᠪᠠᠭᠤᠯᠭᠠᠬᠤ᠂ ᠨᠢᠰᠳᠡᠭ ᠲᠡᠷᠭᠡᠨ ᠦ ᠲᠠᠲᠠᠭᠴᠢ ᠲᠥᠬᠥᠭᠡᠷᠦᠮᠵᠢ ᠪᠡᠷ ᠠᠪᠤᠷᠠᠭᠴᠢ ᠶᠢ ᠪᠠᠭᠤᠯᠭᠠᠬᠤ᠂ ᠡᠷᠭᠦᠬᠦ ᠠᠵᠢᠯᠯᠠᠭ᠎ᠠ ᠶᠢ ᠠᠮᠵᠢᠯᠲᠠᠲᠠᠢ ᠵᠣᠬᠢᠶᠠᠨ ᠪᠠᠶᠢᠭᠤᠯᠤᠯ᠎ᠠ ᠭᠡᠵᠦ ᠨᠡᠶᠢᠰᠯᠡᠯ ᠦᠨ ᠣᠨᠴᠠᠭᠠᠢ ᠪᠠᠶᠢᠳᠠᠯ ᠤᠨ ᠭᠠᠵᠠᠷ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ