ᠡᠷᠭᠦᠳᠡᠯ ᠭᠣᠮᠣᠳᠠᠯ ᠤᠨ ᠳᠡᠳ᠋ ᠰᠢᠰᠲ᠋ᠧᠮ ᠦᠨ ᠰᠤᠷᠭᠠᠯᠲᠠ ᠪᠣᠯᠤᠯ᠎ᠠ | News.MN

ᠡᠷᠭᠦᠳᠡᠯ ᠭᠣᠮᠣᠳᠠᠯ ᠤᠨ ᠳᠡᠳ᠋ ᠰᠢᠰᠲ᠋ᠧᠮ ᠦᠨ ᠰᠤᠷᠭᠠᠯᠲᠠ ᠪᠣᠯᠤᠯ᠎ᠠ

ᠨᠡᠶᠢᠰᠯᠡᠯ ᠦᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠨᠡᠶᠢᠰᠯᠡᠯ ᠦᠨ ᠨᠤᠲᠤᠭ ᠤᠨ ᠵᠠᠬᠢᠷᠭᠠᠨ ᠤ ᠪᠠᠶᠢᠭᠤᠯᠤᠯᠭ᠎ᠠ ᠨᠤᠭᠤᠳ ᠤᠨ ᠡᠳᠦᠷ ᠲᠤᠲᠤᠮ ᠤᠨ ᠦᠢᠯᠡ ᠠᠵᠢᠯᠯᠠᠭᠠᠨ ᠤ ᠫᠷᠣᠼᠧᠰᠰ ᠢ ᠴᠠᠬᠢᠮᠵᠢᠭᠤᠯᠤᠭᠰᠠᠨ ᠮᠡᠳᠡᠭᠡᠯᠡᠯ ᠰᠤᠯᠢᠯᠴᠠᠬᠤ᠂ ᠮᠡᠳᠡᠭᠡᠯᠡᠯ ᠦᠨ ᠴᠢᠨᠠᠷ᠂ ᠬᠤᠷᠳᠤ᠂ ᠨᠡᠶᠢᠰᠯᠡᠯ ᠦᠨ ᠲᠥᠷᠥ ᠶᠢᠨ  ᠪᠠᠶᠢᠭᠤᠯᠤᠯᠭ᠎ᠠ ᠨᠤᠭᠤᠳ ᠤᠨ ᠤᠶᠠᠯᠳᠤᠭ᠎ᠠ ᠬᠣᠯᠪᠣᠭ᠎ᠠ᠂ ᠬᠢᠨᠠᠯᠲᠠ ᠲᠠᠯᠪᠢᠬᠤ ᠪᠣᠯᠤᠮᠵᠢ ᠶᠢ ᠪᠦᠷᠢᠳᠦᠭᠦᠯᠦᠭᠰᠡᠨ ᠲᠧᠭᠨᠣᠯᠣᠭᠢ ᠶᠢᠨ ᠰᠢᠨ᠎ᠡ ᠰᠢᠢᠳᠦᠯ ᠪᠦᠬᠦᠢ UB ERP ᠳᠣᠲᠣᠭᠠᠳᠤ ᠤᠳᠤᠷᠢᠳᠤᠯᠭ᠎ᠠ ᠶᠢᠨ ᠰᠢᠰᠲ᠋ᠧᠮ ᠦᠨ ︽ᠡᠷᠭᠦᠳᠡᠯ ᠭᠣᠮᠣᠳᠠᠯ ᠤᠨ ᠳᠡᠳ᠋ ᠰᠢᠰᠲ᠋ᠧᠮ︾᠍ ᠦᠨ ᠰᠤᠷᠭᠠᠯᠲᠠ ᠶᠢ ᠥᠨᠥᠳᠥᠷ ᠮᠢᠰᠢᠶᠡᠯ᠂ ᠳᠦᠩᠵᠢᠨᠭᠠᠷᠪᠣ ᠨᠢᠭᠡᠳᠦᠭᠰᠡᠨ ᠦᠢᠯᠡᠴᠢᠯᠡᠭᠡᠨ ᠦ ᠲᠥᠪ ᠲᠦ ᠵᠣᠬᠢᠶᠠᠨ ᠪᠠᠶᠢᠭᠤᠯᠪᠠ᠃
︽ᠡᠷᠭᠦᠳᠡᠯ ᠭᠣᠮᠣᠳᠠᠯ ᠤᠨ ᠳᠡᠳ᠋ ᠰᠢᠰᠲ᠋ᠧᠮ︾᠍ ᠢ ᠠᠰᠢᠭᠯᠠᠨ ᠢᠷᠭᠡᠨ᠂ ᠬᠠᠤᠯᠢ ᠶᠢᠨ ᠡᠲᠡᠭᠡᠳ ᠤᠨ ᠡᠷᠭᠦᠳᠡᠯ᠂ ᠭᠣᠮᠣᠳᠠᠯ ᠰᠠᠨᠠᠯ᠂ ᠠᠭᠤᠯᠵᠠᠯᠲᠠ ᠶᠢᠨ ᠬᠦᠰᠡᠯᠲᠡ ᠶᠢ ᠬᠦᠯᠢᠶᠡᠨ ᠠᠪᠴᠤ ᠰᠢᠢᠳᠪᠦᠷᠢᠯᠡᠬᠦ᠂ ᠰᠢᠰᠲ᠋ᠧᠮ ᠢ ᠦᠢᠯᠡ ᠠᠵᠢᠯᠯᠠᠭᠠᠨ ᠳᠤ ᠪᠠᠨ ᠪᠤᠳᠠᠲᠠᠢ ᠪᠠᠷ ᠬᠡᠷᠡᠭᠵᠢᠭᠦᠯᠬᠦ ᠴᠢᠳᠠᠪᠤᠷᠢ ᠶᠢ ᠡᠵᠡᠮᠰᠢᠭᠦᠯᠬᠦ ᠵᠣᠷᠢᠯᠭ᠎ᠠ ᠪᠦᠬᠦᠢ ᠲᠤᠰ  ᠰᠤᠷᠭᠠᠯᠲᠠ ᠳᠤ ᠨᠡᠶᠢᠰᠯᠡᠯ ᠦᠨ ᠵᠠᠰᠠᠭ ᠳᠠᠷᠤᠭ᠎ᠠ ᠶᠢᠨ ᠬᠡᠷᠡᠭᠵᠢᠭᠦᠯᠦᠭᠴᠢ ᠠᠭ᠍ᠸᠨᠲᠯᠢᠭ ᠤᠳ᠂ ᠳᠡᠭᠦᠷᠭᠡ ᠨᠦᠭᠦᠳ᠂ ᠣᠷᠣᠨ ᠨᠤᠲᠤᠭ ᠤᠨ ᠥᠮᠴᠢᠲᠤ ᠪᠣᠯᠤᠨ ᠬᠠᠷᠢᠶ᠎ᠠ ᠭᠠᠵᠠᠷ ᠤᠳ ᠵᠡᠷᠭᠡ ᠨᠡᠶᠢᠲᠡ 89 ᠪᠠᠶᠢᠭᠤᠯᠤᠯᠭ᠎ᠠ ᠶᠢᠨ ᠡᠷᠭᠦᠳᠡᠯ ᠭᠣᠮᠣᠳᠠᠯ᠂ ᠰᠠᠨᠠᠯ ᠬᠦᠰᠡᠯᠲᠡ ᠶᠢᠨ ᠰᠢᠢᠳᠪᠦᠷᠢᠯᠡᠯᠲᠡ ᠬᠠᠷᠢᠭᠤᠴᠠᠭᠰᠠᠨ ᠠᠯᠪᠠᠨ ᠬᠠᠭᠠᠭᠴᠢᠳ ᠬᠠᠮᠤᠷᠤᠭᠳᠠᠯ᠎ᠠ᠃
ᠰᠤᠷᠭᠠᠯᠲᠠ ᠶᠢᠨ ᠦᠶ᠎ᠡ ᠪᠡᠷ ᠨᠡᠶᠢᠰᠯᠡᠯ ᠦᠨ ᠵᠠᠰᠠᠭ ᠳᠠᠷᠤᠭ᠎ᠠ ᠶᠢᠨ ᠨᠣᠭᠣᠭᠠᠨ ᠬᠥᠭᠵᠢᠯ᠂ ᠠᠭᠠᠷ ᠤᠨ ᠪᠤᠬᠢᠷᠳᠤᠯ  ᠤᠨ ᠠᠰᠠᠭᠤᠳᠠᠯ ᠬᠠᠷᠢᠭᠤᠴᠠᠭᠰᠠᠨ ᠣᠷᠣᠯᠠᠭᠴᠢ ᠶᠢᠨ 2018 ᠣᠨ ᠤ 12 ᠳ᠋ᠤᠭᠠᠷ ᠰᠠᠷ᠎ᠠ ᠶᠢᠨ 17 ᠍ ᠤ ᠡᠳᠦᠷ ᠦᠨ A/1212 ᠳ᠋ᠤᠭᠠᠷ ᠵᠠᠬᠢᠷᠤᠮᠵᠢ ᠪᠠᠷ ᠪᠠᠲᠤᠯᠠᠭᠳᠠᠭᠰᠠᠨ ︽ᠨᠡᠶᠢᠰᠯᠡᠯ ᠦᠨ ᠨᠤᠲᠤᠭ ᠤᠨ ᠵᠠᠬᠢᠷᠭᠠᠨ ᠤ ᠪᠠᠶᠢᠭᠤᠯᠤᠯᠭ᠎ᠠ ᠶᠢᠨ ᠤᠳᠤᠷᠢᠳᠬᠤ ᠠᠯᠪᠠᠨ ᠲᠤᠰᠢᠶᠠᠯᠲᠠᠨ ᠨᠤᠭᠤᠳ ᠤᠨ ᠢᠷᠭᠡᠳ ᠲᠡᠢ ᠬᠢᠬᠦ ᠠᠭᠤᠯᠵᠠᠯᠲᠠ ᠶᠢ ᠵᠣᠬᠢᠶᠠᠨ ᠪᠠᠶᠢᠭᠤᠯᠬᠤ ᠵᠢᠷᠤᠮ︾᠍ ᠤᠨ ᠲᠠᠨᠢᠯᠴᠠᠭᠤᠯᠭ᠎ᠠ ᠬᠢᠭᠳᠡᠯ᠎ᠡ ᠭᠡᠵᠦ ᠨᠡᠶᠢᠰᠯᠡᠯ ᠦᠨ ᠮᠡᠳᠡᠭᠡᠯᠡᠯ ᠦᠨ ᠲᠧᠭᠨᠣᠯᠣᠭᠢ ᠶᠢᠨ ᠭᠠᠵᠠᠷ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ