ᠯ∙ᠡᠯᠳᠡᠪᠸᠴᠢᠷ᠄ ᠬᠦᠮᠦᠨ ᠦ ᠨᠢᠭᠤᠷ ᠬᠠᠷᠠᠵᠤ ᠴᠢᠳᠠᠬᠤ ᠪᠠᠨ ᠪᠣᠯᠢᠯ᠎ᠠ | News.MN

ᠯ∙ᠡᠯᠳᠡᠪᠸᠴᠢᠷ᠄ ᠬᠦᠮᠦᠨ ᠦ ᠨᠢᠭᠤᠷ ᠬᠠᠷᠠᠵᠤ ᠴᠢᠳᠠᠬᠤ ᠪᠠᠨ ᠪᠣᠯᠢᠯ᠎ᠠ

ᠪᠠᠶᠢᠭᠠᠯᠢ ᠣᠷᠴᠢᠨ ᠬᠦᠨᠡᠰᠦ ᠬᠥᠳᠡᠭᠡ ᠠᠵᠤ ᠠᠬᠤᠢ ᠶᠢᠨ ᠪᠠᠶᠢᠩᠭᠤ ᠶᠢᠨ ᠬᠣᠷᠢᠶᠠᠨ ᠤ ᠬᠤᠷᠠᠯᠳᠤᠭᠠᠨ 11.00 ᠴᠠᠭ ᠲᠤ ᠡᠬᠢᠯᠡᠬᠦ ᠪᠠᠶᠢᠭᠰᠠᠨ ᠴᠤ ᠭᠡᠰᠢᠭᠦᠳ ᠦᠨ ᠢᠷᠡᠴᠡ ᠪᠥᠷᠢᠳᠦᠭᠡ ᠦᠭᠡᠢ ᠡᠴᠡ ᠬᠣᠶᠢᠰᠢᠯᠠᠯ᠎ᠠ᠃ ᠢᠩᠭᠢᠭᠰᠡᠨ ᠢᠶᠡᠷ ᠲᠤᠰ ᠪᠠᠶᠢᠩᠭᠤ ᠶᠢᠨ ᠬᠣᠷᠢᠶᠠᠨ ᠤ ᠬᠤᠷᠠᠯᠳᠤᠭᠠᠨ ᠭᠤᠷᠪᠠᠳᠠᠬᠢ ᠤᠳᠠᠭ᠎ᠠ ᠪᠠᠨ ᠬᠣᠶᠢᠰᠢᠯᠠᠵᠤ ᠪᠠᠶᠢᠨ᠎ᠠ᠃ ᠬᠤᠷᠠᠯᠳᠤᠭᠠᠨ ᠢᠶᠠᠷ ᠶᠡᠷᠦᠩᠬᠡᠶᠢᠯᠡᠭᠴᠢ ᠶᠢᠨ ᠡᠷᠭᠦᠨ ᠮᠡᠳᠡᠭᠦᠯᠦᠭᠰᠡᠨ ᠠᠭᠠᠷ ᠤᠨ ᠪᠤᠬᠢᠷᠳᠤᠯ ᠤᠨ ᠲᠠᠯ᠎ᠠ ᠪᠠᠷ ᠶᠡᠷᠦᠩᠬᠡᠢ ᠬᠢᠨᠠᠯᠲᠠ ᠶᠢᠨ ᠰᠣᠨᠣᠰᠬᠠᠯ ᠤᠨ ᠲᠤᠪ  ᠢ ᠲᠣᠭᠲᠠᠭᠠᠬᠤ ᠪᠠᠶᠢᠭᠰᠠᠨ ᠶᠤᠮ᠃ ᠬᠤᠷᠠᠯᠳᠤᠭᠠᠨ ᠶᠠᠭᠠᠬᠢᠭᠠᠳ ᠬᠣᠶᠢᠰᠢᠯᠠᠭᠰᠠᠨ ᠲᠠᠯ᠎ᠠ ᠪᠠᠷ ᠲᠤᠰ ᠪᠠᠶᠢᠩᠭᠤ ᠶᠢᠨ ᠬᠣᠷᠢᠶᠠᠨ ᠤ ᠳᠠᠷᠤᠭ᠎ᠠ ᠯ∙ᠡᠯᠳᠡᠪᠸᠴᠢᠷ ᠡᠴᠡ ᠲᠣᠳᠣᠷᠠᠭᠤᠯᠤᠯ᠎ᠠ᠃
– ᠪᠠᠶᠢᠩᠭᠤ ᠶᠢᠨ ᠬᠣᠷᠢᠶᠠᠨ ᠤ ᠳᠠᠷᠤᠭ᠎ᠠ ᠢᠷᠡᠴᠡ ᠪᠦᠷᠢᠳᠦᠭᠦᠯᠬᠦ ᠡᠭᠦᠷᠭᠡ ᠲᠡᠢ ᠤᠤ ︖
– ᠪᠠᠶᠢᠩᠭᠤ ᠶᠢᠨ ᠬᠣᠷᠢᠶᠠᠨ ᠤ ᠠᠵᠢᠯ ᠤᠨ ᠠᠯᠪᠠ ᠢᠷᠡᠴᠡ ᠪᠦᠷᠢᠳᠦᠭᠦᠯᠬᠦ ᠡᠭᠦᠷᠭᠡ ᠶᠢ ᠬᠦᠯᠢᠶᠡᠳᠡᠭ᠃ ᠭᠡᠰᠢᠭᠦᠳ ᠲᠡᠢ ᠪᠦᠭᠦᠳᠡ ᠲᠡᠢ ᠨᠢ ᠬᠣᠯᠪᠣᠭᠳᠠᠭᠰᠠᠨ᠃ ᠬᠤᠷᠠᠯᠳᠤᠭᠠᠨ ᠳᠤ ᠢᠷᠡᠬᠦ ᠦᠭᠡᠢ ᠪᠠᠶᠢᠭ᠎ᠠ ᠤᠴᠢᠷ ᠠᠴᠠ  ᠭᠤᠷᠪᠠᠳᠠᠬᠢ ᠤᠳᠠᠭ᠎ᠠ ᠪᠠᠨ ᠬᠣᠶᠢᠰᠢᠯᠠᠵᠤ ᠪᠠᠶᠢᠨ᠎ᠠ᠃
– ᠬᠤᠷᠠᠯᠳᠤᠭᠠᠨ ᠳᠤ ᠢᠷᠡᠬᠦ ᠦᠭᠡᠢ ᠪᠠᠶᠢᠭ᠎ᠠ ᠰᠢᠯᠲᠠᠭᠠᠨ ᠢᠶᠠᠨ ᠲᠠᠶᠢᠯᠪᠤᠷᠢᠯᠠᠭᠰᠠᠨ ᠤᠤ︖
– 40 ᠭᠡᠰᠢᠭᠦᠨ ᠦ ᠪᠣᠢᠺᠣᠲ ᠪᠠᠶᠢᠭ᠎ᠠ ᠰᠢᠦ ᠳ᠋ᠡ᠃ ᠡᠭᠦᠨ ᠲᠡᠢ ᠬᠣᠯᠪᠣᠭᠠᠲᠠᠢ ᠭᠡᠵᠦ ᠪᠣᠳᠣᠵᠤ ᠪᠠᠶᠢᠨ᠎ᠠ᠃
– ᠤᠯᠤᠰ ᠤᠨ ᠶᠡᠬᠡ ᠬᠤᠷᠠᠯ ᠤᠨ ᠦᠢᠯᠡ ᠠᠵᠢᠯᠯᠠᠭ᠎ᠠ ᠣᠨ ᠳᠠᠮᠵᠢᠨ ᠲᠠᠰᠤᠯᠳᠠᠵᠤ ᠪᠠᠶᠢᠨ᠎ᠠ᠃ ᠭᠠᠷᠴᠠ ᠪᠠᠶᠢᠨ᠎ᠠ ᠤᠤ ︖
– ᠡᠪ ᠵᠦᠢ ᠪᠡᠨ ᠣᠯᠤᠭᠰᠠᠨ ᠭᠠᠷᠴᠠ ᠪᠠᠶᠢᠬᠤ ᠶᠣᠰᠣᠲᠠᠢ᠃ ᠪᠡᠶ᠎ᠡ ᠪᠠᠶᠠᠨ ᠢᠶᠡᠨ ᠬᠠᠷᠠᠭᠠᠳ᠂ ᠶᠠᠭᠠᠬᠢᠬᠤ ᠪᠣᠯ᠂ ᠬᠤᠷᠠᠯᠳᠤᠬᠤ ᠶᠤᠮᠰᠠᠨ ᠭᠡᠰᠡᠨ ᠬᠦᠯᠢᠶᠡᠯᠲᠡ ᠭᠡᠰᠢᠭᠦᠳ ᠲᠦ ᠪᠠᠶᠢᠨ᠎ᠠ᠃ ᠬᠦᠮᠦᠨ ᠦ ᠨᠢᠭᠤᠷ ᠬᠠᠷᠠᠵᠤ ᠴᠢᠳᠠᠬᠤ ᠪᠠᠨ ᠴᠤ ᠪᠣᠯᠢᠯ᠎ᠠ᠃ ᠪᠠᠶᠢᠳᠠᠯ ᠬᠦᠨᠳᠦ ᠪᠠᠶᠢᠨ᠎ᠠ᠃ ᠳᠠᠷᠤᠭ᠎ᠠ ᠨᠠᠷ ᠣᠶᠢᠯᠠᠭᠠᠯᠴᠠᠪᠠᠯ ᠠᠰᠠᠭᠤᠳᠠᠯ ᠰᠢᠢᠳᠦᠭᠳᠡᠨ᠎ᠡ᠃

ᠰᠡᠳᠬᠢᠭᠳᠡᠯ ᠦᠯᠡᠳᠡᠭᠡᠬᠦ