ᠶᠡᠷᠦᠩᠬᠡᠶᠢᠯᠡᠭᠴᠢ ᠶᠢᠨ ᠮᠡᠨᠳᠦᠴᠢᠯᠡᠭᠡᠨ ᠳᠦ ᠶᠠᠭᠤ ᠨᠢᠭᠤᠭᠳᠠᠪᠠ | News.MN

ᠶᠡᠷᠦᠩᠬᠡᠶᠢᠯᠡᠭᠴᠢ ᠶᠢᠨ ᠮᠡᠨᠳᠦᠴᠢᠯᠡᠭᠡᠨ ᠳᠦ ᠶᠠᠭᠤ ᠨᠢᠭᠤᠭᠳᠠᠪᠠ

ᠰᠢᠨ᠎ᠡ ᠬᠠᠭᠤᠴᠢᠨ ᠣᠨ ᠤ ᠵᠠᠭᠠᠭ ᠳᠡᠭᠡᠷ᠎ᠡ ᠮᠣᠩᠭᠣᠯ ᠤᠯᠤᠰ ᠤᠨ ᠶᠡᠷᠦᠩᠬᠡᠶᠢᠯᠡᠭᠴᠢ᠂ ᠤᠯᠤᠰ ᠤᠨ ᠶᠡᠬᠡ ᠬᠤᠷᠠᠯ ᠤᠨ ᠳᠠᠷᠤᠭ᠎ᠠ᠂ ᠶᠡᠷᠦᠩᠬᠡᠢ ᠰᠠᠶᠢᠳ ᠨᠠᠷ ᠮᠡᠨᠳᠦᠴᠢᠯᠡᠭᠡ ᠳᠡᠪᠰᠢᠭᠦᠯᠳᠡᠭ ᠤᠯᠠᠮᠵᠢᠯᠠᠯ ᠲᠠᠢ᠃ ᠣᠨ ᠰᠣᠯᠢᠭᠳᠠᠬᠤ ᠲᠣᠷᠭᠠᠨ ᠮᠥᠴᠡ ᠳᠦ ᠶᠡᠷᠦᠩᠬᠡᠶᠢᠯᠡᠭᠴᠢ ᠶᠢᠨ ᠬᠡᠯᠡᠭᠰᠡᠨ ︽ᠵᠢᠵᠢᠭᠬᠡᠨ︾ ᠮᠡᠨᠳᠦᠴᠢᠯᠡᠭᠡᠨ ᠳᠦ ᠲᠣᠮᠣ ᠰᠠᠨᠠᠭ᠎ᠠ ᠠᠭᠤᠯᠤᠭᠳᠠᠵᠤ ᠪᠠᠶᠢᠭ᠎ᠠ ᠶᠢ ᠣᠯᠵᠤ ᠰᠣᠨᠣᠰᠬᠤ ᠳᠤ ᠲᠡᠶᠢᠮᠦ ᠴᠤ ᠲᠥᠪᠡᠭ ᠲᠡᠢ ᠪᠢᠰᠢ ᠪᠠᠶᠢᠯ᠎ᠠ᠃
ᠶᠡᠷᠦᠩᠬᠡᠶᠢᠯᠡᠭᠴᠢ ᠶᠢᠨ ᠮᠡᠨᠳᠦᠴᠢᠯᠡᠭᠡᠨ ᠦ ᠭᠣᠣᠯ ᠠᠭᠤᠯᠭ᠎ᠠ ᠶᠡᠷᠦ ᠳᠡᠭᠡᠨ ᠭᠤᠷᠪᠠᠬᠠᠨ ᠥᠭᠦᠯᠡᠪᠦᠷᠢ ᠳᠦ ᠨᠢ  ᠪᠠᠭᠲᠠᠵᠤ ᠪᠤᠢ᠃ ᠲᠣᠳᠣᠷᠠᠭᠤᠯᠪᠠᠯ᠂ 2019 ᠣᠨ ︽ᠡᠷᠡᠰ ᠰᠢᠨᠡᠴᠢᠯᠡᠯ ᠦᠨ ᠵᠢᠯ︾ ᠪᠣᠯᠬᠤ ᠪᠣᠯᠤᠨ᠎ᠠ᠃ ᠠᠷᠠᠳ ᠲᠦᠮᠡᠨ ᠦ ᠣᠷᠣᠯᠴᠠᠭ᠎ᠠ᠂ ᠳᠡᠮᠵᠢᠯᠭᠡ ᠪᠡᠷ ︽ᠡᠷᠡᠰ ᠰᠢᠨᠡᠴᠢᠯᠡᠯ︾ ᠦᠨ ᠦᠷ᠎ᠡ ᠳ᠋ᠦᠩ ᠳᠦ ᠮᠣᠩᠭᠣᠯ ᠤᠯᠤᠰ ᠲᠤ ᠬᠦᠴᠦᠷᠬᠡᠭ ᠲᠥᠷᠥ᠂ ᠬᠠᠤᠯᠢ ᠶᠢᠨ ᠵᠠᠰᠠᠭᠯᠠᠯ᠂ ᠰᠢᠳᠤᠷᠭᠤ ᠶᠣᠰᠣ ᠢᠯᠠᠨ ᠮᠠᠨᠳᠤᠵᠤ ᠢᠷᠭᠡᠨ ᠪᠦᠷᠢ ᠪᠠᠶᠠᠯᠢᠭ ᠤᠨ ᠢᠶᠠᠨ ᠡᠵᠡᠨ ᠪᠠᠶᠢᠬᠤ ᠪᠣᠯᠤᠨ᠎ᠠ᠃ ᠪᠢᠳᠡᠨ ᠳᠦ ᠠᠤᠭ᠎ᠠ ᠭᠠᠶᠢᠬᠠᠮᠰᠢᠭᠲᠤ ᠡᠪᠦᠭᠡ ᠳᠡᠭᠡᠳᠦᠰ ᠦᠨ ᠣᠶᠤᠨ ᠤᠬᠠᠭᠠᠨ᠂ ᠵᠣᠷᠢᠭ ᠲᠡᠪᠴᠢᠶᠡᠷᠢ᠂ ᠠᠪᠬᠠᠯᠵᠢ ᠰᠠᠮᠪᠠᠭ᠎ᠠ᠂ ᠪᠢᠷ᠎ᠠ ᠴᠢᠳᠠᠯ ᠪᠤᠢ ᠭᠡᠰᠡᠨ ᠦᠭᠡ᠃ ᠡᠨᠳᠡ ᠡᠴᠡ ᠶᠡᠷᠦᠩᠬᠡᠶᠢᠯᠡᠭᠴᠢ ᠶᠢᠨ ᠣᠨᠴᠠᠯᠠᠭᠰᠠᠨ ᠡᠷᠡᠰ ᠰᠢᠨᠡᠴᠢᠯᠡᠯ ᠶᠠᠭᠤ ᠪᠠᠶᠢᠬᠤ ᠪᠤᠢ ᠭᠡᠰᠡᠨ ᠠᠰᠠᠭᠤᠯᠲᠠ ᠲᠠᠯᠪᠢᠭᠳᠠᠵᠤ ᠪᠤᠢ᠃ ᠨᠠᠮᠤᠷ ᠤᠨ ᠴᠢᠭᠤᠯᠭᠠᠨ ᠤ ᠨᠡᠭᠡᠭᠡᠯᠲᠡ ᠪᠡᠷ ᠶᠡᠷᠦᠩᠬᠡᠶᠢᠯᠡᠭᠴᠢ ᠬ∙ᠪᠠᠲᠤᠲᠤᠯᠭ᠎ᠠ ᠦᠨᠳᠦᠰᠦᠨ ᠬᠠᠤᠯᠢ ᠶᠢ ᠦᠭᠡᠷᠡᠴᠢᠯᠡᠬᠦ ᠶᠣᠰᠣᠲᠠᠢ ᠭᠡᠰᠡᠨ ᠪᠠᠶᠢᠷᠢ ᠰᠠᠭᠤᠷᠢ ᠪᠠᠨ ᠢᠯᠡᠷᠬᠡᠶᠢᠯᠡᠭᠰᠡᠨ ᠪᠥᠭᠡᠳ ᠡᠭᠦᠨ ᠦ ᠳᠠᠷᠠᠭᠠᠬᠠᠨ ᠶᠡᠷᠦᠩᠬᠡᠶᠢᠯᠡᠭᠴᠢ ᠶᠢᠨ ᠵᠠᠰᠠᠭᠯᠠᠯ ᠮᠣᠩᠭᠣᠯ ᠬᠡᠷᠡᠭᠲᠡᠢ ᠭᠡᠬᠦ ᠫᠢᠶᠠᠷ ᠨᠢᠭᠡ ᠬᠡᠰᠡᠭ ᠲᠦ ᠪᠡᠨ ᠯᠠ  ᠲᠠᠷᠬᠠᠭᠰᠠᠨ᠃ ᠫᠠᠷᠯᠠᠮᠧᠨᠲ ᠤᠨ ᠰᠫᠢᠺᠧᠷ ᠢᠶᠡᠷ ᠠᠵᠢᠯᠯᠠᠵᠤ ᠪᠠᠶᠢᠭᠰᠠᠨ ᠲᠠᠮᠠᠭ᠎ᠠ ᠶᠢᠨ ᠭᠠᠵᠠᠷ ᠤᠨ ᠬᠢᠨᠢ ᠳᠠᠷᠤᠭ᠎ᠠ ᠬᠦᠷᠲᠡᠯ᠎ᠡ ᠡᠶᠢᠮᠦᠷᠬᠦᠦ ᠶᠠᠷᠢᠯᠴᠠᠯᠭ᠎ᠠ ᠬᠡᠪᠯᠡᠯ ᠳᠦ ᠥᠭᠴᠦ ᠪᠠᠶᠢᠪᠠ᠃
ᠡᠳᠦᠭᠡ ᠲᠥᠷᠥ ᠶᠢᠨ ᠲᠡᠷᠢᠭᠦᠨ ᠦ ᠬᠡᠯᠡᠭᠰᠡᠨ ︽ᠡᠷᠡᠰ ᠰᠢᠨᠡᠴᠢᠯᠡᠯ︾ ᠦᠨ ᠴᠠᠭᠠᠳᠤᠬᠢ ᠭᠣᠣᠯ ᠵᠣᠷᠢᠯᠭ᠎ᠠ ᠨᠢ ᠠᠪᠲ᠋ᠤᠷᠢᠲ᠋ᠠᠷᠢ ᠤᠤ ᠡᠰᠡᠪᠡᠯ ᠲᠣᠲ᠋ᠠᠯᠢᠲ᠋ᠠᠷ ᠳᠢᠭᠯᠢᠮ ᠤᠤ ᠭᠡᠰᠡᠨ ᠠᠰᠠᠭᠤᠯᠲᠠ ᠲᠠᠯᠪᠢᠬᠤ ᠳᠤ ᠬᠦᠷᠭᠡᠵᠦ ᠪᠠᠶᠢᠨ᠎ᠠ᠃ ᠴᠢᠨᠠᠭᠰᠢᠯᠠᠭᠠᠳ ︽ᠢᠷᠭᠡᠨ ᠪᠦᠷᠢ ᠪᠠᠶᠠᠯᠢᠭ ᠤᠨ ᠡᠵᠡᠨ ᠪᠠᠶᠢᠬᠤ ᠪᠣᠯᠤᠨ᠎ᠠ︾ ᠭᠡᠰᠡᠨ ᠰᠠᠨᠠᠭᠤᠯᠭ᠎ᠠ ᠨᠢ ᠬᠠᠤᠯᠢ ᠪᠤᠰᠤ ᠪᠠᠷ ᠪᠤᠰᠤᠳ ᠤᠨ ᠬᠥᠷᠥᠩᠭᠡ ᠶᠢ ᠲᠥᠷᠥ ᠬᠦᠴᠦ ᠪᠡᠷ ᠪᠤᠯᠢᠶᠠᠵᠤ ᠠᠪᠬᠤ ᠲᠤᠬᠠᠢ ᠶᠠᠷᠢᠭᠰᠠᠨ ᠪᠢᠰᠢ ᠪᠠᠶᠢᠭ᠎ᠠ ᠭᠡᠰᠡᠨ ᠪᠣᠯᠭᠣᠮᠵᠢᠯᠠᠯ ᠲᠥᠷᠥᠭᠦᠯᠬᠦ ᠳᠦ ᠬᠦᠷᠭᠡᠵᠦ ᠪᠠᠶᠢᠨ᠎ᠠ᠃ ᠲᠡᠷᠡ ᠪᠡᠷ ᠮᠡᠨᠳᠦᠴᠢᠯᠡᠭᠡᠨ ᠦ ᠪᠡᠨ ᠡᠬᠢᠨ ᠳᠦ  ︽ᠤᠯᠠᠷᠢᠨ ᠣᠳᠴᠤ ᠪᠤᠢ 2018 ᠣᠨ ᠳᠤ ᠪᠢᠳᠡ ᠤᠯᠤᠰ ᠲᠥᠷᠥ ᠡᠳ᠋ ᠦᠨ ᠵᠠᠰᠠᠭ ᠤᠨ ᠠᠮᠠᠷ ᠦᠭᠡᠢ ᠰᠣᠷᠢᠯᠲᠠ᠂ ᠰᠢᠯᠭᠠᠭᠤᠷ ᠢ ᠳᠠᠪᠠᠨ ᠲᠤᠭᠤᠯᠵᠤ᠂ ᠢᠲᠡᠭᠡᠯᠴᠡᠯ᠂ ᠡᠪ ᠨᠢᠭᠡᠳᠦᠯ ᠢᠶᠡᠨ ᠪᠠᠲᠤᠳᠬᠠᠭᠰᠠᠨ ᠵᠢᠯ ᠪᠣᠯᠤᠯ᠎ᠠ ᠭᠡᠳᠡᠭ ᠢ ᠣᠨᠴᠠᠯᠠᠭᠰᠠᠨ᠃ ᠮᠣᠩᠭᠣᠯ ᠤᠯᠤᠰ ᠤᠨ ᠶᠡᠷᠦᠩᠬᠡᠶᠢᠯᠡᠭᠴᠢ ᠪᠣᠯ ᠮᠣᠩᠭᠣᠯ ᠤᠨ ᠡᠪ ᠨᠢᠭᠡᠳᠦᠯ ᠦᠨ ᠲᠡᠷᠢᠭᠦᠨ᠃ ᠲᠥᠷᠥ ᠶᠢᠨ ᠲᠡᠷᠢᠭᠦᠨ ᠦ ᠬᠡᠯᠡᠭᠡᠳ ᠪᠠᠶᠢᠭ᠎ᠠ ᠰᠢᠭ᠋ ᠡᠪ ᠨᠢᠭᠡᠳᠦᠯ ᠴᠤᠬᠤᠮ ᠳᠠᠭᠠᠨ ᠮᠣᠩᠭᠣᠯ ᠤᠨ ᠲᠥᠷᠥ ᠳᠦ ᠠᠯᠠᠭ᠎ᠠ ᠪᠠᠶᠢᠭ᠎ᠠ ᠶᠢ ᠬᠡᠨ ᠴᠤ ᠣᠯᠵᠤ ᠬᠠᠷᠠᠬᠤ ᠪᠠᠷ ᠲᠣᠳᠣᠷᠬᠠᠢ ᠪᠠᠶᠢᠭ᠎ᠠ᠃ ᠬᠠᠮᠤᠭ ᠤᠨ ᠡᠪ ᠨᠢᠭᠡᠳᠦᠯ ᠦᠭᠡᠢ ᠵᠢᠯ ᠭᠡᠪᠡᠯ ᠥᠩᠭᠡᠷᠡᠭᠰᠡᠨ 2018 ᠣᠨ ᠢ ᠬᠡᠯᠡᠨ᠎ᠡ᠃ ᠪᠣᠭᠣᠨᠢᠬᠠᠨ ᠮᠡᠨᠳᠦᠴᠢᠯᠡᠭᠡᠨ ᠳᠦ ᠪᠡᠨ ᠪᠠᠭᠲᠠᠭᠠᠭᠰᠠᠨ ︽ᠡᠷᠡᠰ ᠰᠢᠨᠡᠴᠢᠯᠡᠯ︾ ᠭᠡᠬᠦ ᠭᠣᠶᠠᠴᠢᠯᠠᠭᠰᠠᠨ ᠦᠭᠡᠨ ᠦ ᠴᠠᠭᠠᠨ᠎ᠠ ᠮᠣᠩᠭᠣᠯ ᠤᠯᠤᠰ ᠤᠨ ᠶᠡᠷᠦᠩᠬᠡᠶᠢᠯᠡᠭᠴᠢ ᠬᠦᠰᠡᠭᠰᠡᠨ ᠡᠷᠬᠡ ᠮᠡᠳᠡᠯ ᠳᠦ ᠪᠡᠨ ᠬᠦᠷᠬᠦ ᠰᠠᠨᠠᠭ᠎ᠠ ᠵᠣᠷᠢᠯᠭ᠎ᠠ ᠪᠠᠨ ᠬᠡᠯᠡᠭᠰᠡᠨ ᠶᠤᠮ ᠪᠢᠰᠢ ᠪᠠᠶᠢᠭ᠎ᠠ ᠳ᠋ᠠ᠃
ᠪ∙ᠪᠠᠲᠤ

ᠰᠡᠳᠬᠢᠭᠳᠡᠯ ᠦᠯᠡᠳᠡᠭᠡᠬᠦ