ᠮ᠂ ᠳᠠᠸᠠᠵᠢᠷᠭᠠᠯ ᠤᠨ ᠠᠮᠵᠢᠯᠲᠠ ᠶᠢ ᠭᠢᠨᠢᠰ ᠲᠦ ᠪᠦᠷᠢᠳᠭᠡᠪᠡ | News.MN

ᠮ᠂ ᠳᠠᠸᠠᠵᠢᠷᠭᠠᠯ ᠤᠨ ᠠᠮᠵᠢᠯᠲᠠ ᠶᠢ ᠭᠢᠨᠢᠰ ᠲᠦ ᠪᠦᠷᠢᠳᠭᠡᠪᠡ

ᠶᠠᠫᠣᠨ ᠤ ᠮᠡᠷᠭᠡᠵᠢᠯ ᠦᠨ ᠰᠦᠮᠣ᠋  ᠶᠢᠨ 69 ᠳ᠋ᠡᠬᠢ ᠶᠡᠬᠡ ᠠᠪᠤᠷᠭᠤ ᠬᠠᠺᠤᠬᠤ᠋ ᠮ∙ᠳᠠᠸᠠᠵᠢᠷᠭᠠᠯ ᠤᠨ ᠠᠮᠵᠢᠯᠲᠠ ᠶᠢ ᠭᠢᠨᠢᠰ ᠦᠨ ᠨᠣᠮ ᠳᠤ ᠪᠦᠷᠢᠳᠬᠡᠨ ᠠᠪᠴᠠᠢ᠃ ᠮ∙ᠳᠠᠸᠠᠵᠢᠷᠭᠠᠯ ᠮᠡᠷᠭᠡᠵᠢᠯ ᠦᠨ ᠰᠦᠮᠣ᠋ ᠶᠢᠨ ᠳᠡᠭᠡᠳᠦ ᠵᠢᠨᠳᠠᠭᠠᠨ ᠳᠤ 35 ᠤᠳᠠᠭ᠎ᠠ ᠲᠦᠷᠦᠭᠦᠯᠡᠭᠰᠡᠨ ᠪᠥᠭᠡᠳ ᠮᠠᠺᠦᠴᠢ ᠵᠢᠨᠳᠠᠭᠠᠨ ᠳᠤ ᠬᠠᠮᠤᠭ ᠤᠨ ᠣᠯᠠᠨ ᠲᠦᠷᠦᠭᠦᠯᠡᠭᠰᠡᠨ᠂ ᠬᠠᠮᠤᠭ ᠤᠨ ᠣᠯᠠᠨ ᠤᠳᠠᠭ᠎ᠠ ᠳᠠᠷᠠᠭᠠᠯᠠᠨ ᠲᠦᠷᠦᠭᠦᠯᠡᠭᠰᠡᠨ᠂ ᠬᠠᠮᠤᠭ ᠤᠨ ᠣᠯᠠᠨ ᠤᠳᠠᠭ᠎ᠠ ᠤᠶᠢᠴᠢᠭ᠎ᠠ ᠦᠭᠡᠢ ᠪᠡᠷ ᠲᠦᠷᠦᠭᠦᠯᠡᠭᠰᠡᠨ᠂ ᠨᠡᠮᠡᠯᠲᠡ ᠪᠠᠷᠢᠯᠳᠤᠭᠠᠨ ᠢᠶᠠᠷ ᠬᠠᠮᠤᠭ ᠤᠨ ᠣᠯᠠᠨ ᠤᠳᠠᠭ᠎ᠠ ᠲᠦᠷᠦᠭᠦᠯᠡᠭᠰᠡᠨ ᠰᠦᠮᠣ᠋ ᠍ ᠶᠢᠨ ᠠᠪᠤᠷᠭᠤ ᠭᠡᠰᠡᠨ ᠠᠮᠵᠢᠯᠲᠠ ᠶᠢ ᠡᠵᠡᠮᠰᠢᠳᠡᠭ᠃
ᠰᠣᠨᠢᠷᠬᠠᠭᠤᠯᠬᠤ ᠳᠤ᠂ ᠮ∙ᠳᠠᠸᠠᠵᠢᠷᠭᠠᠯ ᠮᠡᠷᠭᠡᠵᠢᠯ ᠦᠨ ᠰᠦᠮᠣ᠋ ᠪᠥᠬᠡ ᠶᠢᠨ 2015 ᠣᠨ ᠤ ᠡᠬᠢᠨ ᠦ  ᠪᠠᠰᠶᠤ᠋ ᠳᠤ ᠡᠪᠦᠳᠦᠭ ᠰᠢᠷᠣᠶᠢᠳᠠᠯ ᠦᠭᠡᠢ ᠲᠦᠷᠦᠭᠦᠯᠡᠭᠰᠡᠨ ᠢᠶᠡᠷ ᠰᠦᠮᠣ᠋  ᠳᠤ ᠬᠠᠮᠤᠭ ᠤᠨ ᠳᠡᠭᠡᠳᠦ ᠠᠮᠵᠢᠯᠲᠠ ᠶᠢᠨ ᠡᠵᠡᠨ ᠪᠣᠯᠤᠭᠰᠠᠨ ᠲᠡᠦᠬᠡ ᠲᠡᠢ᠃ ᠲᠡᠷᠡ ᠪᠡᠷ 29 ᠨᠠᠰᠤᠨ ᠳᠤ ᠪᠠᠨ 33 ᠳ᠋ᠡᠬᠢ ᠲᠦᠷᠦᠭᠦᠦ ᠪᠡᠨ ᠠᠪᠤᠭᠰᠠᠨ ᠢᠶᠠᠷ ᠶᠠᠫᠣᠨ ᠤ ᠠᠪᠤᠷᠭᠤ ᠨᠤᠭᠤᠳ ᠤᠨ ᠠᠮᠵᠢᠯᠲᠠ ᠶᠢ ᠡᠪᠳᠡᠭᠰᠡᠨ ᠭᠡᠳᠡᠭ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

ᠮᠣᠩᠭᠣᠯ ᠪᠢᠴᠢᠭ 2019-01-02 64.119.21.55

ᠳᠠᠸᠠᠵᠢᠷᠭᠠᠯ 35 ᠤᠳᠠᠭ᠎ᠠ ᠲᠦᠷᠦᠭᠦᠯᠡᠭᠰᠡᠨ ᠭᠡᠵᠦ ᠦᠦ︖ ᠨᠠᠭᠠᠳᠣ ᠮᠡᠳᠡᠭᠡ  ᠪᠡᠨ ᠨᠢᠭᠲᠠᠯᠠᠭᠠᠴᠢ ᠡ