ᠬᠥᠳᠡᠯᠮᠦᠷᠢ ᠶᠢᠨ ᠪᠠᠭᠠᠲᠤᠷ᠂ ᠠᠷᠠᠳ ᠤᠨ ᠤᠷᠠᠨ ᠵᠣᠬᠢᠶᠠᠯᠴᠢ᠂ ᠲᠥᠷᠥ ᠶᠢᠨ ᠱᠠᠩᠨᠠᠯᠲᠤ᠂ ᠢᠷᠠᠭᠤ ᠨᠠᠶᠢᠷᠠᠭᠴᠢ ᠳᠡᠨᠳᠡᠪ ᠦᠨ ᠫᠦᠷᠪᠦᠳᠣᠷᠵᠢ ᠠᠭᠰᠠᠨ ︽ᠬᠦᠮᠦᠨ ᠲᠥᠷᠥᠯᠬᠢᠲᠡᠨ ᠳᠦ ᠬᠦᠷᠭᠡᠬᠦ ᠦᠭᠡ︾ ᠰᠢᠯᠦᠭ ᠢᠶᠡᠷ ᠢᠶᠡᠨ ᠠᠩᠬᠠᠨ ᠤ ︽ᠪᠣᠯᠣᠷ ᠴᠣᠮᠣ︾ ᠨᠠᠭᠠᠳᠤᠮ ᠤᠨ ᠲᠡᠷᠢᠭᠦᠨ ᠱᠠᠩᠨᠠᠯ ᠠᠪᠤᠭᠰᠠᠨ ᠲᠡᠦᠬᠡ ᠲᠡᠢ᠃ ᠣᠨ ᠤ ᠰᠢᠯᠢᠳᠡᠭ ᠰᠢᠯᠦᠭ ᠢ ᠰᠢᠯᠭᠠᠷᠠᠭᠤᠯᠳᠠᠭ ᠤᠯᠠᠮᠵᠢᠯᠠᠯᠲᠤ ᠡᠨᠡᠬᠦ ᠨᠠᠭᠠᠳᠤᠮ 36 ᠳ᠋ᠡᠬᠢ ᠵᠢᠯ ᠲᠠᠢ ᠵᠣᠯᠭᠠᠵᠤ ᠪᠠᠶᠢᠨ᠎ᠠ᠃ 2019 ᠣᠨ ᠳᠤ ᠮᠣᠩᠭᠣᠯ ᠤᠨ ᠵᠣᠬᠢᠶᠠᠯᠴᠢᠳ ᠤᠨ ᠡᠪᠯᠡᠯ ᠦᠨ 90 ᠵᠢᠯ ᠦᠨ ᠣᠢ ᠶᠢ ᠲᠣᠬᠢᠶᠠᠯᠳᠤᠭᠤᠯᠤᠨ ︽ᠪᠣᠯᠣᠷ ᠴᠣᠮᠣ 36︾ ᠨᠠᠭᠠᠳᠤᠮ ᠢ ᠭᠤᠪᠢᠰᠦ᠋ᠮᠪᠤᠷ ᠠᠶᠢᠮᠠᠭ ᠲᠤ ᠵᠣᠬᠢᠶᠠᠨ ᠪᠠᠶᠢᠭᠤᠯᠬᠤ ᠪᠠᠷ ᠪᠣᠯᠤᠭᠰᠠᠨ ᠶᠤᠮ᠃ ᠨᠠᠭᠠᠳᠤᠮ ᠤᠨ ᠡᠬᠢᠨ ᠦ ᠰᠢᠯᠭᠠᠷᠠᠭᠤᠯᠤᠯᠲᠠ ᠠᠴᠠ 27 ᠨᠠᠶᠢᠷᠠᠭᠴᠢ ᠶᠢᠨ ᠨᠡᠷ᠎ᠡ ᠶᠢ ᠲᠣᠳᠣᠷᠠᠭᠤᠯᠤᠭᠰᠠᠨ ᠪᠥᠭᠡᠳ ᠳᠠᠷᠠᠭᠠᠬᠢ ᠨᠠᠶᠢᠷᠠᠭᠴᠢᠳ ᠪᠠᠭᠲᠠᠵᠠᠢ᠃ ᠡᠭᠦᠨ ᠳᠦ᠂ ᠬ∙ᠠᠯᠠᠭ᠂ ᠮ∙ᠠᠮᠤᠷᠬᠦᠦ᠂ ᠨ∙ᠪᠠᠲᠤᠵᠢᠷᠭᠠᠯ᠂ ᠫ∙ᠪᠠᠲᠤᠨᠠᠶᠢᠷᠠᠮᠳᠠᠯ᠂ ᠪ∙ᠪᠠᠲᠤᠲᠤᠯᠭ᠎ᠠ᠂ ᠲ∙ᠪᠠᠶᠠᠨᠰᠠᠩ᠂ ᠪ᠂ ᠪᠠᠶᠠᠷᠰᠠᠶᠢᠬᠠᠨ᠂ ᠳ∙ᠭᠠᠩᠸᠴᠢᠷ᠂ ᠳ∙ᠭᠠᠩᠰᠦ᠋ᠷᠦᠩ᠂ ᠡ᠊∙ᠭᠠᠩᠲᠤᠯᠭ᠎ᠠ᠂ ᠪ∙ᠭᠠᠩᠬᠦ᠋ᠷᠡᠯ᠂ ᠬ∙ᠳᠤᠭᠠᠷᠰᠦ᠋ᠷᠦᠩ᠂ ᠨ∙ᠳᠠᠸᠠᠵᠢᠷᠭᠠᠯ᠂ ᠪ∙ᠵᠠᠮᠪᠠᠯᠳᠣᠷᠵᠢ᠂ ᠠ᠊∙ᡀᠠᠭᠪᠠ᠂ ᠭ∙ᠯᠾᠬᠠᠪᠠᠳᠤᠷᠵᠢ᠂ ᠨ∙ᠮᠥᠩᠬᠡᠪᠠᠶᠠᠷ᠂ ᠰ∙ᠨᠠᠴᠢᠨ᠂ ᠳ∙ᠤᠳᠤᠭᠡᠷᠡᠯ᠂ ᠨ᠂ ᠫᠦᠷᠪᠦ᠂ ᠠ᠊∙ᠰᠦᠭᠯᠡᠭᠮᠡ᠂ ᠴ∙ᠤᠤᠭᠠᠨᠪᠠᠶᠠᠷ᠂ ᠮ∙ᠤᠶᠠᠨᠰᠦ᠋ᠬᠡ᠂ ᠣ᠊∙ᠴᠠᠨᠳᠡ-ᠠᠶᠤᠱᠢ᠂ ᠪ∙ᠴᠢᠯᠠᠭᠤᠨᠴᠡᠴᠡᠭ᠂ ᠣ᠊∙ᠡᠯᠪᠡᠭᠲᠡᠭᠦᠰ᠂ ᠳ∙ᠡᠩᠬᠡᠪᠣᠯᠤᠳᠪᠠᠭᠠᠲᠤᠷ ᠨᠠᠷ ᠤᠨ ᠨᠠᠶᠢᠷᠠᠭᠴᠢᠳ ᠰᠢᠯᠦᠭ ᠢᠶᠡᠨ ᠤᠩᠰᠢᠬᠤ ᠪᠠᠷ ᠪᠣᠯᠤᠭᠰᠠᠨ ᠪᠠᠶᠢᠨ᠎ᠠ᠃