︽ᠰᠠᠯᠬᠢᠲᠤ︾ ᠶᠢᠨ ᠵᠥᠪᠰᠢᠶᠡᠷᠡᠯ ᠢ ᠴᠤᠴᠠᠯᠠᠭᠰᠠᠨ ᠨᠢ ᠪᠤᠷᠤᠭᠤ | News.MN

︽ᠰᠠᠯᠬᠢᠲᠤ︾ ᠶᠢᠨ ᠵᠥᠪᠰᠢᠶᠡᠷᠡᠯ ᠢ ᠴᠤᠴᠠᠯᠠᠭᠰᠠᠨ ᠨᠢ ᠪᠤᠷᠤᠭᠤ

ᠶᠡᠷᠦᠩᠬᠡᠢ ᠰᠠᠶᠢᠳ ᠤᠨ ᠴᠢᠭᠯᠡᠯ ᠦᠨ ᠳᠠᠭᠠᠤ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠭ∙ᠽᠠᠨᠳᠠᠨᠰᠢᠲᠠᠷ᠎ᠠ᠂ ᠠᠭᠤᠯᠠ ᠠᠭᠤᠷᠬᠠᠢ ᠶᠢᠨ ᠶᠠᠮᠤᠨ᠂ ᠲᠡᠭᠦᠨ ᠦ ᠬᠠᠷᠢᠶ᠎ᠠ ᠠᠭ᠍ᠸᠨᠲᠯᠢᠭ ᠤᠨ ᠬᠢᠨ ᠪᠣᠯᠤᠨ ᠲᠠᠩᠨᠠᠭᠤᠯ ᠂ ᠴᠠᠭᠳᠠᠭ᠎ᠠ ᠶᠢᠨ ᠲᠤᠰᠬᠠᠢ᠂ ᠳᠣᠲᠣᠭᠠᠳᠤ ᠶᠢᠨ ᠴᠡᠷᠢᠭ ᠦᠨ ᠪᠦᠷᠢᠯᠳᠦᠬᠦᠨ ᠲᠡᠢ ᠪᠡᠷ ᠳᠤᠮᠳᠠᠭᠤᠪᠢ ᠠᠶᠢᠮᠠᠭ ᠲᠤ ᠠᠶᠢᠮᠠᠭ ᠤᠨ ᠫᠷᠣᠺᠦ᠋ᠷᠣᠷ ᠤᠨ ᠬᠢᠨᠠᠯᠲᠠ ᠶᠢᠨ ᠳᠣᠣᠷ᠎ᠠ ᠥᠩᠭᠡᠷᠡᠭᠰᠡᠨ ᠪᠢᠮᠪᠠ ᠭᠠᠷᠠᠭ ︵2018.12.29︶ ᠲᠤ ᠲᠤᠰᠬᠠᠢ ᠠᠵᠢᠯᠯᠠᠭ᠎ᠠ ᠵᠣᠬᠢᠶᠠᠨ ᠪᠠᠶᠢᠭᠤᠯᠤᠭᠰᠠᠨ᠃ ᠲᠤᠰ ᠠᠶᠢᠮᠠᠭ ᠤᠨ ᠭᠤᠷᠪᠠᠨᠰᠠᠶᠢᠬᠠᠨ ᠰᠤᠮᠤᠨ ᠳᠤ ᠪᠠᠶᠢᠳᠠᠭ ᠵᠡᠭᠦᠨ ᠪᠣᠯᠤᠨ ᠰᠠᠯᠬᠢᠲᠤ ᠶᠢᠨ ᠣᠷᠳᠣ ᠶᠢ 2043-2047 ᠣᠨ ᠬᠦᠷᠲᠡᠯᠡᠬᠢ ᠠᠰᠢᠭᠯᠠᠯᠲᠠ ᠶᠢᠨ ᠲᠤᠰᠬᠠᠢ ᠵᠥᠪᠰᠢᠶᠡᠷᠡᠯ ᠦᠳ ᠢ ᠴᠤᠴᠠᠯᠠᠭᠰᠠᠨ ᠪᠠᠶᠢᠨ᠎ᠠ᠃ ᠤᠭ ᠣᠷᠳᠣ ᠶᠢᠨ ᠲᠤᠰᠬᠠᠢ ᠵᠥᠪᠰᠢᠶᠡᠷᠡᠯ ᠢ ᠬᠢᠲᠠᠳ ᠤᠨ 100 ᠬᠤᠪᠢ ᠶᠢᠨ ᠬᠥᠷᠥᠩᠭᠡ ᠣᠷᠣᠭᠤᠯᠤᠯᠲᠠ ᠲᠠᠢ ᠺᠣᠮᠫᠠᠨᠢ ᠡᠵᠡᠮᠰᠢᠳᠡᠭ ᠃ ᠲᠡᠳᠡ ᠮᠣᠩᠭᠣᠯ ᠤᠯᠤᠰ ᠤᠨ ᠬᠠᠤᠯᠢ ᠲᠣᠭᠲᠠᠭᠠᠮᠵᠢ ᠨᠤᠭᠤᠳ ᠢ ᠵᠥᠷᠢᠴᠡᠭᠰᠡᠨ᠂ ᠲᠠᠲᠠᠪᠤᠷᠢ ᠪᠠᠨ ᠨᠢᠭᠤᠨ ᠳᠠᠷᠤᠭᠳᠠᠭᠤᠯᠤᠭᠰᠠᠨ᠂ ᠬᠤᠳᠠᠯ ᠮᠡᠳᠡᠭᠡᠯᠡᠭᠰᠡᠨ᠂ ᠠᠪᠯᠢᠭ᠎ᠠ ᠬᠡᠭᠡᠯᠢ ᠬᠠᠬᠤᠤᠯᠢ ᠶᠢᠨ ᠬᠡᠷᠡᠭ ᠲᠦ ᠣᠷᠢᠶᠠᠴᠠᠯᠳᠤᠭᠰᠠᠨ ᠭᠡᠬᠦ ᠠᠰᠠᠭᠤᠳᠠᠯ ᠢᠶᠠᠷ ᠰᠢᠭᠦᠬᠦ ᠳᠡᠭᠡᠷ᠎ᠡ ᠮᠠᠷᠭᠤᠭᠠᠨ ᠲᠠᠢ ᠪᠠᠶᠢᠭ᠎ᠠ ᠠᠵᠠᠢ᠃
ᠡᠨᠡ ᠠᠰᠠᠭᠤᠳᠠᠯ ᠢᠶᠠᠷ ︽ᠸᠸᠷᠢᠲ᠋ᠠᠰ ᠫᠠᠷᠲ᠋ᠨᠧᠷᠰ︾ ᠬᠠᠤᠯᠢ ᠶᠢᠨ ᠹᠷᠸᠮ ᠦᠨ ᠥᠮᠥᠭᠡᠯᠡᠭᠴᠢ ᠪ∙ᠮᠡᠷᠭᠡᠨ᠄ 2017 ᠣᠨ ᠳᠤ ︽ᠠᠰᠢᠭᠲᠤ ᠮᠠᠯᠲᠠᠮᠠᠯ ᠤᠨ ᠲᠤᠬᠠᠢ︾ ᠬᠠᠤᠯᠢ ᠶᠢᠨ 56 ᠳ᠋ᠤᠭᠠᠷ ᠵᠢᠭᠠᠯᠲᠠ ᠳᠤ ᠨᠡᠮᠡᠯᠲᠡ ᠥᠭᠡᠷᠡᠴᠢᠯᠡᠯᠲᠡ ᠣᠷᠣᠭᠤᠯᠵᠤ᠂ ᠲᠠᠲᠠᠪᠤᠷᠢ ᠪᠠᠨ ᠲᠥᠯᠦᠭᠡ ᠦᠭᠡᠢ ᠡᠰᠡᠪᠡᠯ ᠣᠷᠣᠯᠭ᠎ᠠ ᠪᠠᠨ ᠦᠨᠡᠨ ᠵᠥᠪ ᠢᠶᠡᠷ ᠨᠣᠲᠠᠯᠠᠬᠤ ᠳᠤ ᠱᠠᠭᠠᠷᠳᠠᠯᠭ᠎ᠠ ᠲᠠᠢ ᠪᠠᠷᠢᠮᠲᠠ ᠨᠤᠭᠤᠳ ᠢᠶᠠᠨ ᠨᠢᠭᠤᠨ ᠳᠠᠷᠤᠭᠳᠠᠭᠤᠯᠤᠭᠰᠠᠨ ᠲᠣᠬᠢᠶᠠᠯᠳᠤᠯ ᠳᠤ ᠲᠤᠰᠬᠠᠢ ᠵᠥᠪᠰᠢᠶᠡᠷᠡᠯ ᠢ ᠨᠢ ᠴᠤᠴᠠᠯᠠᠨ᠎ᠠ ᠭᠡᠰᠡᠨ ᠵᠢᠭᠠᠯᠲᠠ ᠶᠢ ᠣᠷᠣᠭᠤᠯᠤᠭᠰᠠᠨ ᠪᠠᠶᠢᠳᠠᠭ᠃ ᠡᠨᠡ ᠵᠢᠭᠠᠯᠲᠠ ᠶᠢᠨ ᠳᠠᠭᠠᠤ ᠰᠠᠯᠬᠢᠲᠤ ᠶᠢᠨ ᠣᠷᠳᠣ ᠶᠢᠨ ᠵᠦᠪᠰᠢᠶᠡᠷᠡᠯ ᠢ ᠴᠤᠴᠠᠯᠠᠭᠰᠠᠨ ᠭᠡᠵᠦ ᠣᠶᠢᠯᠠᠭᠠᠵᠤ ᠪᠠᠶᠢᠭ᠎ᠠ᠃ ᠭᠡᠬᠦ ᠳᠦ ᠪᠡᠨ ᠴᠤᠴᠠᠯᠬᠤ ᠳᠤ ᠬᠡᠳᠦ ᠬᠡᠳᠦᠨ ᠠᠰᠠᠭᠤᠳᠠᠯ ᠪᠤᠢ᠃ ᠨᠢᠭᠡᠨᠲᠡ ᠬᠠᠤᠯᠢ ᠶᠢᠨ ᠵᠢᠭᠠᠯᠲᠠ ᠪᠠᠷ ᠨᠢ ᠴᠤᠴᠠᠯᠠᠵᠤ ᠪᠣᠯᠬᠤ ᠴᠤ ᠬᠠᠤᠯᠢ ᠶᠢᠨ ᠵᠢᠭᠠᠯᠲᠠ ᠶᠢ ᠵᠥᠪ ᠬᠡᠷᠡᠭᠵᠢᠭᠦᠯᠬᠦ ᠶᠣᠰᠣᠲᠠᠢ᠃
ᠰᠠᠯᠬᠢᠲᠤ ᠶᠢᠨ ᠣᠷᠳᠣ 2015 ᠣᠨ ᠤ ᠲᠠᠲᠠᠪᠤᠷᠢ ᠶᠢᠨ ᠠᠰᠠᠭᠤᠳᠠᠯ ᠲᠠᠢ ᠶᠤᠮ ᠪᠢᠯᠡ᠃ ᠬᠠᠤᠯᠢ ᠳᠤ 2017 ᠣᠨ ᠳᠤ ᠰᠢᠨ᠎ᠡ ᠵᠢᠭᠠᠯᠲᠠ ᠣᠷᠣᠭᠰᠠᠨ᠃ ᠲᠡᠶᠢᠮᠦ ᠡᠴᠡ 2015 ᠣᠨ ᠳᠤ ᠲᠥᠯᠦᠭᠡ ᠦᠭᠡᠢ ᠲᠠᠲᠠᠪᠤᠷᠢ ᠲᠠᠢ ᠬᠣᠯᠪᠣᠭ᠎ᠠ ᠲᠠᠢ ᠠᠰᠠᠭᠤᠳᠠᠯ ᠳᠤ 2017 ᠣᠨ ᠤ ᠬᠠᠤᠯᠢ ᠪᠠᠷ 2018 ᠣᠨ ᠳᠤ ᠬᠡᠷᠡᠭᠯᠡᠵᠦ ᠪᠣᠯᠬᠤ ᠦᠭᠡᠢ ᠯᠠ ᠳ᠋ᠡ᠃ ᠬᠠᠤᠯᠢ ᠶᠢ ᠪᠤᠴᠠᠭᠠᠵᠤ ᠬᠡᠷᠡᠭᠯᠡᠬᠦ ᠦᠭᠡᠢ ᠭᠡᠰᠡᠨ ᠦᠭᠡ᠃ ᠰᠠᠯᠬᠢᠲᠤ ᠶᠢᠨ ᠣᠷᠳᠣ ᠶᠢᠨ ᠠᠰᠢᠭᠯᠠᠯᠲᠠ ᠶᠢᠨ ᠲᠤᠰᠬᠠᠢ ᠵᠥᠪᠰᠢᠶᠡᠷᠡᠯ ᠦᠳ ᠢ ᠴᠤᠴᠠᠯᠠᠬᠤ ᠳᠤ ᠰᠤᠨᠤᠰᠬᠤ ᠠᠵᠢᠯᠯᠠᠭ᠎ᠠ ᠣᠭᠲᠣ ᠶᠠᠪᠤᠭᠳᠠᠭ᠎ᠠ ᠦᠭᠡᠢ᠃ ᠲᠥᠷᠥ ᠶᠢᠨ ᠪᠠᠶᠢᠭᠤᠯᠤᠯᠭ᠎ᠠ ᠠᠴᠠ ᠠᠯᠢᠪᠠ ᠵᠦᠪᠰᠢᠶᠡᠷᠡᠯ ᠢ ᠴᠤᠴᠠᠯᠠᠬᠤ ᠰᠢᠢᠳᠪᠦᠷᠢ ᠭᠠᠷᠭᠠᠵᠤ ᠪᠠᠶᠢᠭ᠎ᠠ ᠲᠣᠬᠢᠶᠠᠯᠳᠤᠯ ᠳᠤ ᠡᠷᠬᠡ ᠨᠢ ᠵᠥᠷᠢᠴᠡᠭᠳᠡᠵᠦ ᠪᠠᠶᠢᠭ᠎ᠠ ᠡᠲᠡᠭᠡᠳ ᠲᠦ ᠡᠬᠢᠯᠡᠭᠡᠳ ᠮᠡᠳᠡᠭᠳᠡᠳᠡᠭ ᠬᠠᠤᠯᠢ ᠶᠢᠨ ᠵᠢᠭᠠᠯᠲᠠ ᠲᠠᠢ᠃ ᠰᠤᠨᠤᠰᠬᠤ ᠠᠵᠢᠯᠯᠠᠭ᠎ᠠ ᠶᠠᠪᠤᠭᠤᠯᠤᠯ ᠦᠭᠡᠢ ᠪᠡᠷ ᠵᠦᠪᠰᠢᠶᠡᠷᠡᠯ ᠢ ᠰᠢᠭᠤᠳ ᠴᠤᠴᠠᠯᠠᠵᠤ ᠪᠠᠶᠢᠭ᠎ᠠ ᠨᠢ ᠥᠪᠡᠷ ᠢᠶᠡᠨ ᠫᠷᠣᠼᠧᠰᠰ ᠤᠨ ᠠᠯᠳᠠᠭ᠎ᠠ ᠭᠠᠷᠭᠠᠭᠰᠠᠨ᠃ ᠡᠨᠡ ᠨᠢ ᠬᠠᠤᠯᠢ ᠶᠢᠨ ᠦᠨᠳᠦᠰᠦᠯᠡᠯ ᠮᠢᠩᠭ᠎ᠠ ᠵᠥᠪ ᠪᠠᠶᠢᠯ᠎ᠠ ᠭᠡᠳ ᠫᠷᠣᠼᠧᠰᠰ ᠤᠨ ᠠᠯᠳᠠᠭ᠎ᠠ ᠭᠠᠷᠭᠠᠭᠰᠠᠨ ᠭᠡᠳ ᠰᠢᠭᠦᠬᠦ ᠳᠡᠭᠡᠷ᠎ᠡ ᠬᠦᠴᠦᠨ ᠦᠭᠡᠢ ᠪᠣᠯᠤᠨ᠎ᠠ ᠭᠡᠯ᠎ᠡ᠃

ᠰᠡᠳᠬᠢᠭᠳᠡᠯ ᠦᠯᠡᠳᠡᠭᠡᠬᠦ