ᠪᠠᠶᠢᠭᠠᠯᠢ ᠶᠢᠨ ᠳᠠᠬᠢᠨ ᠳᠠᠪᠲᠠᠭᠳᠠᠰᠢ ᠦᠭᠡᠢ ᠪᠦᠲᠦᠭᠡᠯ ᠳᠡᠯᠭᠡᠭᠳᠡᠯ᠎ᠡ | News.MN

ᠪᠠᠶᠢᠭᠠᠯᠢ ᠶᠢᠨ ᠳᠠᠬᠢᠨ ᠳᠠᠪᠲᠠᠭᠳᠠᠰᠢ ᠦᠭᠡᠢ ᠪᠦᠲᠦᠭᠡᠯ ᠳᠡᠯᠭᠡᠭᠳᠡᠯ᠎ᠡ

ᠬᠥᠪᠴᠢ ᠶᠢᠨ ᠣᠢ ᠶᠢᠨ ᠦᠵᠡᠰᠬᠦᠯᠡᠩ ᠦᠨ ᠬᠠᠮᠤᠭ ᠤᠨ ᠰᠠᠶᠢᠬᠠᠨ ᠨᠢ ᠥᠶᠥᠭᠡᠳᠴᠦ ᠤᠨᠠᠵᠤ ᠪᠠᠶᠢᠭ᠎ᠠ ᠬᠤᠰᠤᠨ ᠳᠤ ᠪᠠᠶᠢᠳᠠᠭ᠃ ᠣᠢ ᠶᠢᠨ ᠪᠢᠴᠢᠬᠠᠨ ᠠᠮᠢᠲᠠᠳ ᠤᠨ ᠤᠷᠠᠯᠠᠭᠰᠠᠨ ᠪᠠᠶᠢᠭᠠᠯᠢ ᠡᠬᠡ ᠶᠢᠨ ᠪᠦᠲᠦᠭᠡᠯ ᠵᠥᠪᠬᠡᠨ ᠡᠨᠳᠡ ᠯᠠ ᠨᠢᠭᠤᠭᠳᠠᠳᠠᠭ ᠪᠠᠶᠢᠨ᠎ᠠ᠃ ᠬᠤᠰᠤ ᠮᠣᠳᠣᠨ ᠠᠴᠠ ᠢᠯᠭᠠᠷᠠᠬᠤ ᠥᠩᠭᠡ ᠪᠤᠳᠤᠭ᠂ ᠨᠠᠷᠠ ᠰᠠᠯᠬᠢ᠂ ᠪᠢᠳᠡᠨ ᠦ ᠵᠠᠪᠠᠭᠠᠨ ᠭᠡᠵᠦ ᠴᠡᠷᠪᠡᠬᠦ ᠥᠲᠥ᠂ ᠠᠭᠠᠯᠵᠢ᠂ ᠠᠵᠢᠯᠰᠠᠭ ᠰᠢᠷᠭᠤᠯᠵᠢ᠂ ᠠᠯᠠᠭ ᠴᠣᠬᠣᠨ ᠤ ᠦᠯᠡᠳᠡᠭᠡᠭᠰᠡᠨ ᠤᠯᠠ ᠮᠥᠷ ᠪᠦᠬᠦᠨ ᠬᠣᠷᠰᠢᠵᠤ ᠨᠢᠳᠦ ᠠᠯᠳᠠᠮ᠎ᠠ᠂ ᠳᠠᠬᠢᠨ ᠳᠠᠪᠲᠠᠭᠳᠠᠰᠢ ᠦᠭᠡᠢ ᠤᠷᠠᠨ ᠵᠢᠷᠤᠭ ᠢ ᠪᠤᠢ ᠪᠣᠯᠭᠠᠭᠰᠠᠨ ᠪᠠᠶᠢᠬᠤ ᠶᠤᠮ᠃ ᠡᠭᠦᠨ ᠢ ᠣᠯᠠᠨ᠎ᠠ ︽ᠴᠢᠯᠠᠭᠤᠨ ᠤ ᠭᠣᠩᠭᠣᠷ︾ ᠭᠡᠵᠦ ᠠᠯᠳᠠᠷᠰᠢᠭᠰᠠᠨ ᠭ∙ᠭᠣᠩᠭᠣᠷᠵᠠᠪ ᠭᠤᠸᠠᠢ ᠰᠠᠨᠠᠮᠰᠠᠷ ᠦᠭᠡᠢ ᠲᠣᠬᠢᠶᠠᠯᠳᠤᠯ ᠢᠶᠠᠷ ᠣᠯᠵᠤ ᠬᠠᠷᠠᠭᠰᠠᠨ ᠢᠶᠠᠷ ᠰᠤᠳᠤᠯᠵᠤ᠂ ᠴᠤᠭᠯᠠᠭᠤᠯᠭ᠎ᠠ ᠪᠣᠯᠭᠠᠵᠠᠢ᠃
ᠮᠣᠩᠭᠣᠯ ᠤᠨ ᠦᠨᠳᠦᠰᠦᠨ ᠦ ᠲᠡᠦᠬᠡ ᠶᠢᠨ ᠮᠦᠽᠧᠢ ᠳᠦ ᠥᠨᠥᠳᠥᠷ ︵2018.12.26︶ᠡᠴᠡ ᠦᠵᠡᠭᠴᠢᠳ ᠦᠨ ᠬᠦᠷᠲᠡᠭᠡᠯ ᠪᠣᠯᠵᠤ ᠪᠤᠢ ︽ᠦᠶᠦᠭᠡᠳᠦᠭᠰᠡᠨ ᠬᠤᠰᠤᠨ ᠤ ᠳᠠᠭᠤᠯᠠᠯ︾ ᠨᠡᠷ᠎ᠡ ᠲᠡᠢ ᠦᠵᠡᠰᠬᠦᠯᠡᠩ ᠳᠦ ᠪᠠᠶᠢᠭᠠᠯᠢ ᠡᠬᠡ ᠶᠢᠨ 100 ᠣᠷᠴᠢᠮ ᠪᠦᠲᠦᠭᠡᠯ ᠳᠡᠯᠭᠡᠭᠳᠡᠵᠡᠢ᠃ ᠡᠳᠦᠭᠡ 83 ᠨᠠᠰᠤᠨ ᠤ ᠰᠡᠭᠦᠳᠡᠷ ᠨᠢ ᠲᠣᠬᠢᠶᠠᠵᠤ ᠪᠤᠢ ᠰᠡᠳᠬᠦᠯᠴᠢ᠂ ᠰᠤᠶᠤᠯ ᠰᠤᠳᠤᠯᠤᠭᠠᠴᠢ᠂ ᠪᠠᠶᠢᠭᠠᠯᠢ ᠠᠵᠢᠭᠯᠠᠭᠴᠢ᠂ ᠫᠷᠣᠹᠧᠰᠰᠣᠷ ᠭ∙ᠭᠣᠩᠭᠣᠷᠵᠠᠪ ᠬᠤᠰᠤ ᠮᠣᠳᠣᠨ ᠤ ᠲᠤᠬᠠᠢ᠄ ᠬᠤᠰᠤ ᠮᠢᠨᠦ ᠠᠩᠬᠠᠷᠤᠯ ᠢ ᠶᠡᠬᠡ ᠲᠠᠲᠠᠭᠰᠠᠨ᠃ ᠢᠯᠠᠩᠭᠤᠶ᠎ᠠ ᠭᠣᠸ᠎ᠠ ᠰᠠᠶᠢᠬᠠᠨ ᠤ ᠮᠡᠳᠡᠷᠡᠮᠵᠢ ᠶᠢ ᠬᠦᠮᠦᠨ ᠳᠦ ᠥᠭᠳᠡᠭ ᠲᠡᠳᠦᠢ ᠦᠭᠡᠢ ᠰᠣᠨᠢᠨ ᠵᠢᠷᠤᠭ ᠶᠡᠬᠡ ᠪᠤᠢ᠃ ᠦᠵᠡᠰᠬᠦᠯᠡᠩ ᠳᠦ ᠳᠡᠯᠭᠡᠭᠳᠡᠭᠰᠡᠨ ᠪᠠᠶᠢᠭᠠᠯᠢ ᠶᠢᠨ ᠪᠦᠲᠦᠭᠡᠯ ᠳᠦ ᠵᠠᠯᠠᠭᠤ ᠬᠤᠰᠤ ᠪᠠᠶᠢᠬᠤ ᠦᠭᠡᠢ᠃ ᠦᠭᠢᠷᠡᠵᠦ ᠦᠶᠦᠭᠡᠳᠴᠦ ᠤᠨᠠᠭᠰᠠᠨ ᠬᠤᠰᠤᠨ ᠳᠤ ᠨᠢᠭᠤᠭᠳᠠᠭᠰᠠᠨ ᠪᠦᠲᠦᠭᠡᠯ᠂ ᠲᠡᠭᠦᠨ ᠳᠦ ᠤᠷᠭᠤᠬᠤ ᠮᠥᠭᠥ ᠡᠭᠦᠨ ᠢ ᠪᠦᠷ  ᠴᠢᠮᠡᠵᠦ ᠪᠠᠶᠢᠭ᠎ᠠ ᠨᠢ ᠭᠠᠶᠢᠬᠠᠯᠲᠠᠢ ᠭᠡᠵᠦ ᠪᠠᠶᠢᠪᠠ᠃

ᠰᠡᠳᠬᠢᠭᠳᠡᠯ ᠦᠯᠡᠳᠡᠭᠡᠬᠦ