ᠮᠣᠩᠭᠣᠯ ᠤᠯᠤᠰ ᠲᠤ ᠬᠠᠮᠤᠭ ᠤᠨ ᠠᠩᠬᠠᠨ ᠤ ᠬᠥᠭᠵᠢᠮ ᠦᠨ ᠲᠢᠶᠠᠲ᠋ᠷ 1950 ᠣᠨ ᠤ ᠠᠷᠪᠠᠨ ᠬᠣᠶᠠᠳᠤᠭᠠᠷ ᠰᠠᠷ᠎ᠠ ᠶᠢᠨ 30 ᠤ ᠡᠳᠦᠷ ᠪᠠᠶᠢᠭᠤᠯᠤᠭᠳᠠᠭᠰᠠᠨ ᠲᠡᠦᠬᠡ ᠲᠡᠢ᠃ ᠡᠨᠡ ᠨᠢ ᠮᠣᠩᠭᠣᠯ ᠳᠤ ᠲᠡᠳᠦᠢ ᠦᠭᠡᠢ ᠠᠽᠢᠶ᠎ᠠ ᠲᠢᠪ ᠲᠦ ᠴᠣᠷ ᠤᠨ ᠭᠠᠭᠴᠠ ︽ᠬᠥᠭᠵᠢᠮ ᠦᠨ ᠰᠣᠩᠭᠣᠳᠠᠭ ᠲᠢᠶᠠᠲ᠋ᠷ︾ ᠨᠡᠭᠡᠭᠡᠭᠳᠡᠬᠦ ᠰᠠᠭᠤᠷᠢ ᠶᠢ ᠲᠠᠯᠪᠢᠵᠠᠢ᠃ ᠡᠨᠡᠬᠦ ᠲᠡᠦᠬᠡᠲᠦ ᠬᠥᠭᠵᠢᠮ ᠦᠨ ᠲᠢᠶᠠᠲ᠋ᠷ ᠡᠭᠦᠰᠦᠨ ᠪᠠᠶᠢᠭᠤᠯᠤᠭᠳᠠᠭᠰᠠᠨ ᠤ 68 ᠵᠢᠯ ᠦᠨ ᠣᠢ᠂ ᠤᠯᠤᠰ ᠤᠨ ᠳᠠᠭᠤᠤᠷᠢ ᠪᠦᠵᠢᠭ ᠦᠨ ᠡᠷᠳᠡᠮ ᠦᠨ ᠲᠢᠶᠠᠲ᠋ᠷ ᠤᠨ 55 ᠵᠢᠯ ᠦᠨ ᠣᠢ ᠶᠢ ᠲᠣᠬᠢᠶᠠᠯᠳᠤᠭᠤᠯᠤᠨ ᠡᠨᠡ ᠰᠠᠷ᠎ᠠ ᠶᠢᠨ 30 ᠤ ᠡᠳᠦᠷ ᠪ∙ᠳᠠᠮᠳᠢᠨᠰᠦ᠋ᠷᠦᠩ ᠦᠨ ︽ᠤᠴᠢᠷ ᠲᠠᠢ ᠭᠤᠷᠪᠠᠨ ᠲᠣᠯᠣᠭᠠᠢ︾ ᠳᠠᠭᠤᠤᠷᠢ ᠶᠢ ᠭᠤᠷᠪᠠᠨ ᠦᠶ᠎ᠡ ᠶᠢᠨ ᠤᠷᠠᠨ ᠪᠦᠲᠦᠭᠡᠯᠴᠢᠳ ᠬᠠᠮᠲᠤᠷᠠᠨ ᠲᠣᠭᠯᠠᠬᠤ ᠪᠠᠷ ᠪᠣᠯᠵᠠᠢ᠃ ᠮᠥᠨ ᠡᠨᠡ ᠡᠳᠦᠷ ᠳᠠᠭᠤᠤᠷᠢ ᠶᠢᠨ ᠶᠦᠩᠳᠦᠩ᠂ ᠨᠠᠩᠰᠠᠯᠮ᠎ᠠ᠂ ᠪᠠᠯᠭᠠᠨ᠂ ᠬᠤᠷᠯᠤᠮ᠎ᠠ ᠶᠢᠨ ᠳᠦᠷᠢ ᠶᠢ ᠪᠦᠲᠦᠭᠡᠵᠦ ᠪᠠᠶᠢᠭᠰᠠᠨ ᠤᠷᠠᠨ ᠪᠦᠲᠦᠭᠡᠯᠴᠢᠳ ᠦᠨ ᠠᠭᠤᠯᠵᠠᠯᠲᠠ ᠶᠢ ᠬᠢᠬᠦ ᠪᠡᠷ ᠪᠣᠯᠤᠭᠰᠠᠨ ᠪᠠᠶᠢᠨ᠎ᠠ᠃
︽ᠤᠴᠢᠷ ᠲᠠᠢ ᠭᠤᠷᠪᠠᠨ ᠲᠣᠯᠣᠭᠠᠢ︾ ᠳᠠᠭᠤᠤᠷᠢ ᠳᠤ ᠠᠷᠠᠳ ᠤᠨ ᠵᠦᠴᠦᠭᠡᠴᠢᠨ ᠠ᠊∙ᠳ᠋ᠤᠯᠭᠠᠷ᠂ ᠠ᠊∙ ᠳᠠᠰᠢᠫᠸᠯᠵᠡᠢ᠂ ᠴ∙ᠮᠦᠩᠬᠡᠱᠢᠷᠤ᠂ ᠪ∙ᠵᠢᠪᠰᠤᠨᠳᠤᠯᠮᠠ᠂ ᠭᠠᠪᠢᠶᠠᠲᠤ ᠵᠦᠴᠦᠭᠡᠴᠢᠨ ᠼ∙ᠲᠥᠪᠰᠢᠨᠲᠡᠭᠦᠰ᠂ ᠭᠠᠪᠢᠶᠠᠲᠤ ᠵᠦᠴᠦᠭᠡᠴᠢᠨ ᠬ∙ᠦᠨᠡᠨᠬᠦᠦ᠂ ᠵ∙ᠪᠦᠲᠡᠳ᠂ ᠯ∙ᠪᠣᠯᠣᠳ᠂ ᠪ∙ᠴᠡᠴᠡᠭ᠂ ᠳ∙ᠭᠠᠩᠬᠤᠶᠠᠭ᠂ ᠰ∙ᠮᠥᠩᠭᠥᠨᠴᠡᠴᠡᠭ᠂ ᠪ∙ᠡᠷᠳᠡᠨᠢᠲᠤᠶᠠᠭ᠎ᠠ ᠪᠣᠯᠤᠨ ᠰᠤᠶᠤᠯ ᠤᠨ ᠲᠡᠷᠢᠭᠦᠨ ᠦ ᠠᠵᠢᠯᠲᠠᠨ ᠪᠠᠶᠠᠨᠪᠢᠯᠢᠭ᠌᠂ ᠱ᠂ ᠨᠠᠷᠠᠨᠴᠢᠮᠡᠭ᠂ ᠡ᠊∙ᠪᠤᠮᠬᠦᠦ ᠨᠠᠷ ᠪᠣᠯᠤᠨ ᠤᠯᠤᠰ ᠤᠨ ᠳᠠᠭᠤᠤᠷᠢ ᠪᠦᠵᠢᠭ ᠦᠨ ᠡᠷᠳᠡᠮ ᠦᠨ ᠲᠢᠶᠠᠲ᠋ᠷ ᠤᠨ ᠰᠢᠮᠹᠣᠨᠢ ᠨᠠᠶᠢᠷᠠᠯ ᠬᠥᠭᠵᠢᠮ᠂ ᠨᠠᠶᠢᠷᠠᠯ ᠳᠠᠭᠤᠴᠢᠳ ᠪᠣᠯᠤᠨ ᠪᠠᠯᠧᠲ ᠤᠨ ᠵᠦᠴᠦᠭᠡᠴᠢᠳ ᠣᠷᠣᠯᠴᠠᠨ ᠲᠣᠭᠯᠠᠬᠤ ᠶᠤᠮ ᠪᠠᠶᠢᠨ᠎ᠠ᠃ ᠤᠳᠤᠷᠢᠳᠤᠭᠠᠴᠢ ᠪᠠᠷ ᠤᠯᠤᠰ ᠤᠨ ᠳᠠᠭᠤᠤᠷᠢ ᠪᠦᠵᠢᠭ ᠦᠨ ᠡᠷᠳᠡᠮ ᠦᠨ ᠲᠢᠶᠠᠲ᠋ᠷ ᠤᠨ ᠶᠡᠷᠦᠩᠬᠡᠢ ᠤᠳᠤᠷᠢᠳᠤᠭᠠᠴᠢ᠂ ᠤᠷᠠᠯᠢᠭ ᠤᠨ ᠭᠠᠪᠢᠶᠠᠲᠤ ᠵᠢᠳᠬᠦᠯᠲᠡᠨ ᠨ∙ᠲᠠᠤᠯᠠᠶᠢᠬᠦᠦ ᠠᠵᠢᠯᠯᠠᠨ᠎ᠠ᠃