ᠣ᠊∙ᠬᠠᠩᠭᠠᠢ ᠠᠩᠬ᠎ᠠ ᠤᠳᠠᠭ᠎ᠠ ᠲᠦᠷᠦᠭᠦᠯᠡᠯ᠎ᠡ | News.MN

ᠣ᠊∙ᠬᠠᠩᠭᠠᠢ ᠠᠩᠬ᠎ᠠ ᠤᠳᠠᠭ᠎ᠠ ᠲᠦᠷᠦᠭᠦᠯᠡᠯ᠎ᠡ

ᠮᠣᠩᠭᠣᠯᠴᠤᠳ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107 ᠵᠢᠯ ᠦᠨ ᠣᠢ ᠶᠢᠨ ᠡᠳᠦᠷ ᠲᠦ ᠵᠣᠷᠢᠭᠤᠯᠤᠭᠰᠠᠨ᠂ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠨᠡᠷᠡᠮᠵᠢᠲᠦ ᠴᠣᠮᠣ ᠶᠢᠨ ᠲᠥᠯᠦᠭᠡᠬᠢ ᠰᠢᠭᠰᠢᠮᠡᠯ᠂ ᠴᠢᠨᠰᠠᠭ᠎ᠠ ᠥᠨᠳᠥᠷ 128 ᠪᠥᠬᠡ ᠶᠢᠨ ᠪᠠᠷᠢᠯᠳᠤᠭᠠᠨ ᠥᠴᠥᠭᠡᠳᠦᠷ ᠪᠣᠯᠤᠯ᠎ᠠ᠃ ᠪᠠᠷᠢᠯᠳᠤᠭᠠᠨ ᠳᠤ ᠤᠯᠤᠰ ᠤᠨ ᠠᠪᠤᠷᠭᠤ ᠨ∙ᠪᠠᠲᠤᠰᠠᠭᠤᠷᠢ᠂ ᠰ∙ᠮᠥᠩᠬᠡᠪᠠᠲᠤ᠂ ᠤᠯᠤᠰ ᠤᠨ ᠠᠷᠰᠯᠠᠨ ᠫ∙ᠪᠦᠷᠢᠨᠲᠡᠭᠦᠰ᠂ ᠷ∙ᠫᠦᠷᠪᠦᠳᠠᠭᠪᠠ᠂ ᠤᠯᠤᠰ ᠤᠨ ᠭᠠᠷᠤᠳᠢ ᠪ ᠭᠣᠨᠴᠣᠭᠳᠠᠮᠪᠠ ᠲᠡᠷᠢᠭᠦᠲᠡᠢ 128 ᠪᠥᠬᠡ ᠵᠣᠳᠣᠭᠯᠠᠭᠰᠠᠨ ᠶᠤᠮ᠃ ᠪᠠᠷᠢᠯᠳᠤᠭᠠᠨ ᠳᠤ ᠬᠣᠪᠳᠣ ᠠᠶᠢᠮᠠᠭ ᠤᠨ ᠪᠤᠶᠠᠨᠲᠤ ᠰᠤᠮᠤ ᠶᠢᠨ ᠬᠠᠷᠢᠶᠠᠲᠤ᠂ ᠬᠣᠪᠳᠣ ᠪᠥᠬᠡ ᠶᠢᠨ ᠳᠡᠪᠵᠢᠶ᠎ᠡ᠂ ︽ᠣᠳᠣ︾ ᠭᠷᠦ᠋ᠫ ᠦᠨ ᠪᠥᠬᠡ ᠤᠷᠭᠢᠬᠤ ᠶᠢᠨ ᠬᠠᠩᠭᠠᠢ ᠳᠣᠯᠣᠭ᠎ᠠ ᠲᠠᠪᠠᠨ ᠲᠦᠷᠦᠭᠦᠯᠡᠵᠦ᠂ ᠮᠣᠩᠭᠣᠯ ᠤᠯᠤᠰ ᠤᠨ ᠠᠪᠤᠷᠭᠤ ᠨᠠᠮᠰᠠᠷᠠᠶᠢᠵᠠᠪ ᠤᠨ ᠪᠠᠲᠤᠰᠠᠭᠤᠷᠢ ᠦᠵᠦᠭᠦᠷᠯᠡᠯ᠎ᠡ᠃ ᠰᠢᠪᠦᠭᠡ ᠶᠢᠨ ᠳᠥᠷᠪᠡ ᠳᠦ ᠤᠯᠤᠰ ᠤᠨ ᠠᠷᠰᠯᠠᠨ ᠫ∙ᠪᠦᠷᠢᠨᠲᠡᠭᠦᠰ᠂ ᠤᠯᠤᠰ ᠤᠨ ᠨᠠᠴᠢᠨ ᠳ∙ᠠᠨᠠᠷ ᠨᠠᠷ ᠰᠢᠯᠭᠠᠷᠠᠭᠰᠠᠨ ᠶᠤᠮ᠃
ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 107 ᠵᠢᠯ ᠦᠨ ᠣᠢ ᠶᠢᠨ ᠡᠳᠦᠷ ᠲᠦ ᠵᠣᠷᠢᠭᠤᠯᠤᠭᠰᠠᠨ ᠶᠡᠷᠦᠩᠬᠡᠶᠢᠯᠡᠭᠴᠢ ᠶᠢᠨ ᠨᠡᠷᠡᠮᠵᠢᠲᠦ ᠴᠣᠮᠣ ᠶᠢᠨ ᠲᠥᠯᠦᠭᠡᠬᠢ ᠪᠠᠷᠢᠯᠳᠤᠭᠠᠨ ᠳᠤ 2011 ᠣᠨ ᠳᠤ ᠰ∙ᠮᠥᠩᠬᠡᠪᠠᠲᠤ ᠲᠦᠷᠦᠭᠦᠯᠡᠵᠦ᠂ 2012 ᠣᠨ ᠳᠤ ᠤᠯᠤᠰ ᠤᠨ ᠵᠠᠭᠠᠨ ᠮ∙ᠦᠰᠬᠦᠪᠠᠶᠠᠷ ᠲᠦᠷᠦᠭᠦᠯᠡᠵᠦ᠂ 2013 ᠣᠨ ᠳᠤ ᠤᠯᠤᠰ ᠤᠨ ᠨᠠᠴᠢᠨ ᠪ∙ᠫᠦᠷᠪᠦᠰᠠᠶᠢᠬᠠᠨ ᠲᠦᠷᠦᠭᠦᠯᠡᠵᠦ᠂ 2014 ᠣᠨ ᠳᠤ ᠰ∙ᠮᠥᠩᠬᠡᠪᠠᠲᠤ ᠲᠦᠷᠦᠭᠦᠯᠡᠵᠦ᠂ ᠬᠤᠶᠠᠳᠠᠬᠢ ᠤᠳᠠᠭ᠎ᠠ ᠪᠠᠨ ᠲᠡᠷᠢᠭᠦᠯᠡᠭᠰᠡᠨ ᠶᠤᠮ᠃ 2015 ᠣᠨ ᠳᠤ ᠪ∙ᠫᠦᠷᠪᠦᠰᠠᠶᠢᠬᠠᠨ ᠲᠦᠷᠦᠭᠦᠯᠡᠵᠦ᠂ ᠬᠤᠶᠠᠳᠠᠬᠢ ᠤᠳᠠᠭ᠎ᠠ ᠪᠠᠨ ᠲᠣᠳᠣᠷᠠᠭᠰᠠᠨ ᠶᠤᠮ᠃ 2016 ᠣᠨ ᠳᠤ ᠷ∙ᠫᠦᠷᠪᠦᠳᠠᠭᠪᠠ ᠲᠦᠷᠦᠭᠦᠯᠡᠵᠦ᠂ 2017 ᠣᠨ ᠳᠤ ᠤᠪᠰᠤ ᠠᠶᠢᠮᠠᠭ ᠤᠨ ᠲᠡᠰ ᠰᠤᠮᠤ ᠶᠢᠨ ᠬᠠᠷᠢᠶᠠᠲᠤ᠂ ᠲᠦᠷᠦ ᠶᠢᠨ ᠪᠠᠰᠠᠩᠬᠦᠦ ᠲᠦᠷᠦᠭᠦᠯᠡᠵᠦ ᠪᠠᠶᠢᠵᠠᠢ᠃

ᠰᠡᠳᠬᠢᠭᠳᠡᠯ ᠦᠯᠡᠳᠡᠭᠡᠬᠦ