ᠮᠠᠯ 66 ᠰᠠᠶ᠎ᠠ 463.7 ᠮᠢᠩᠭᠠᠨ ᠲᠣᠯᠣᠭᠠᠢ ᠳᠤ ᠬᠦᠷᠴᠡᠢ | News.MN

ᠮᠠᠯ 66 ᠰᠠᠶ᠎ᠠ 463.7 ᠮᠢᠩᠭᠠᠨ ᠲᠣᠯᠣᠭᠠᠢ ᠳᠤ ᠬᠦᠷᠴᠡᠢ

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠡᠨᠡ ᠰᠠᠷ᠎ᠠ ᠶᠢᠨ 7-17 ᠤ ᠬᠣᠭᠣᠷᠣᠨᠳᠣ ᠤᠯᠤᠰ ᠤᠨ ᠬᠡᠮᠵᠢᠶᠡᠨ ᠳᠦ ᠵᠢᠯ ᠦᠨ ᠡᠴᠦᠰ ᠦᠨ ᠮᠠᠯ ᠲᠣᠭᠠᠯᠠᠯᠭ᠎ᠠ ᠶᠢ ᠵᠣᠬᠢᠶᠠᠨ ᠪᠠᠶᠢᠭᠤᠯᠤᠭᠰᠠᠨ᠃ ᠮᠠᠯ ᠰᠦᠷᠦᠭ ᠦᠨ ᠲᠣᠭ᠎ᠠ 66 ᠰᠠᠶ᠎ᠠ 463.7 ᠮᠢᠩᠭ᠎ᠠ ᠳᠤ ᠬᠦᠷᠴᠦ᠂ ᠰᠡᠭᠦᠯ ᠦᠨ 100 ᠵᠢᠯ ᠦᠨ ᠲᠡᠦᠬᠡᠨ ᠳᠦ ᠪᠠᠶᠢᠭ᠎ᠠ ᠦᠭᠡᠢ ᠪᠡᠷ  ᠦᠰᠴᠡᠢ᠃ ᠠᠳᠤᠭᠤᠨ ᠰᠦᠷᠦᠭ ᠦᠨ ᠲᠣᠭ᠎ᠠ 3939.8 ᠮᠢᠩᠭ᠎ᠠ᠂ ᠦᠬᠡᠷ 4380.7 ᠮᠢᠩᠭ᠎ᠠ᠂ ᠲᠡᠮᠡᠭᠡ 459.7 ᠮᠢᠩᠭ᠎ᠠ᠂  ᠬᠣᠨᠢ 443.6 ᠮᠢᠩᠭᠠᠨ ᠲᠣᠯᠣᠭᠠᠢ ᠪᠠᠷ ᠲᠤᠰ ᠲᠤᠰ ᠥᠰᠴᠠᠢ᠃ ᠶᠢᠰᠦᠨ ᠠᠶᠢᠮᠠᠭ ᠲᠤ ᠮᠠᠯ ᠤᠨ ᠲᠣᠭ᠎ᠠ ᠦᠰᠴᠦ᠂ ᠨᠡᠶᠢᠰᠯᠡᠯ ᠪᠣᠯᠤᠨ ᠳᠠᠷᠬᠠᠨ-ᠠᠭᠤᠯᠠ᠂ ᠣᠷᠬᠣᠨ᠂  ᠭᠤᠪᠢᠰᠦ᠋ᠮᠪᠤᠷ᠂ ᠵᠠᠪᠬᠠᠨ᠂ ᠡᠮᠦᠨᠡᠭᠣᠪᠢ᠂ ᠪᠤᠯᠠᠭᠠᠨ ᠵᠡᠷᠭᠡ 12 ᠠᠶᠢᠮᠠᠭ ᠲᠤ ᠮᠠᠯ ᠤᠨ ᠲᠣᠭ᠎ᠠ ᠲᠣᠯᠣᠭᠠᠢ ᠪᠠᠭᠤᠷᠠᠭᠰᠠᠨ ᠠᠵᠠᠢ᠃ ᠬᠠᠮᠤᠭ ᠤᠨ ᠣᠯᠠᠨ ᠮᠠᠯ ᠲᠣᠭᠠᠯᠠᠭᠤᠯᠤᠭᠰᠠᠨ ᠠᠶᠢᠮᠠᠭ ᠢᠶᠠᠷ ᠬᠥᠪᠰᠥᠭᠥᠯ ᠲᠡᠷᠢᠭᠦᠯᠡᠭᠰᠡᠨ ᠪᠣᠯ ᠤᠳᠠᠭᠠᠬᠢ ᠪᠠᠶᠢᠷᠢ ᠳᠤ ᠠᠷᠤᠬᠠᠩᠭᠠᠢ᠂ ᠥᠪᠦᠷᠬᠠᠩᠭᠠᠢ ᠠᠶᠢᠮᠠᠭ ᠵᠢᠭᠰᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ