ᠠᠷᠠᠳ ᠤᠨ ᠨᠠᠮ ᠢ ᠲᠠᠲᠠᠨ ᠪᠠᠭᠤᠯᠭᠠᠬᠤ ᠠᠰᠠᠭᠤᠳᠠᠯ ᠢ ᠲᠠᠯᠪᠢᠨ᠎ᠠ | News.MN

ᠠᠷᠠᠳ ᠤᠨ ᠨᠠᠮ ᠢ ᠲᠠᠲᠠᠨ ᠪᠠᠭᠤᠯᠭᠠᠬᠤ ᠠᠰᠠᠭᠤᠳᠠᠯ ᠢ ᠲᠠᠯᠪᠢᠨ᠎ᠠ

ᠤᠯᠤᠰ ᠤᠨ ᠶᠡᠬᠡ ᠬᠤᠷᠠᠯ ᠤᠨ ᠭᠡᠰᠢᠭᠦᠨ᠂ ᠠᠷᠠᠳᠴᠢᠯᠠᠭᠰᠠᠨ ᠨᠠᠮ᠍ ᠤᠨ ᠳᠠᠷᠤᠭ᠎ᠠ ᠰ∙ᠡᠷᠳᠡᠨᠢ ᠴᠠᠭ ᠦᠶ᠎ᠡ ᠶᠢᠨ ᠠᠰᠠᠭᠤᠳᠠᠯ ᠢᠶᠠᠷ ᠰᠡᠳᠬᠦᠯᠴᠢᠳ ᠲᠦ ᠮᠡᠳᠡᠭᠡᠯᠡᠯ ᠬᠢᠯ᠎ᠡ᠃ ᠲᠡᠷᠡ ᠪᠡᠷ᠄ ᠬᠡᠲᠦ ᠲᠤᠶᠢᠯᠰᠢᠷᠠᠭᠰᠠᠨ᠂ ᠤᠯᠠᠶᠢᠷᠠᠭᠰᠠᠨ ᠤᠯᠤᠰ ᠲᠥᠷᠥ ᠡᠴᠡ ᠪᠣᠯᠵᠤ ᠨᠡᠶᠢᠭᠡᠮ᠂ ᠡᠳ᠋ ᠍ ᠦᠨ ᠵᠠᠰᠠᠭ ᠤᠨ ᠪᠠᠶᠢᠳᠠᠯ ᠬᠦᠨᠳᠦᠷᠡᠯ᠎ᠡ᠃ ᠥᠨᠥᠳᠥᠷ ᠤᠯᠤᠰ ᠣᠷᠣᠨ ᠤ ᠡᠮᠦᠨ᠎ᠡ ᠬᠦᠯᠢᠶᠡᠭᠰᠡᠨ ᠡᠭᠦᠷᠭᠡ ᠪᠡᠨ ᠪᠡᠶᠡᠯᠡᠭᠦᠯᠬᠦ ᠡᠴᠡ ᠪᠡᠨ ᠢᠯᠡᠭᠦᠦ ᠪᠠᠭᠠᠲᠤᠷ ᠤᠨ ᠳᠦᠷᠢ ᠡᠰᠬᠡᠨ᠂ ᠮᠠᠰᠢ ᠶᠡᠬᠡ ᠮᠥᠩᠭᠥ ᠵᠠᠷᠤᠴᠠᠭᠤᠯᠵᠤ᠂ ᠪᠣᠯᠴᠢᠮ ᠦᠭᠡᠢ ᠦᠢᠯᠡᠳᠦᠯ ᠬᠢᠵᠦ ᠪᠠᠶᠢᠨ᠎ᠠ᠃ ᠣᠯᠠᠨ ᠤᠯᠤᠰ ᠤᠨ ᠸᠠᠯᠢᠶᠤᠲ ᠦᠨ ᠰᠡᠭᠦᠯ ᠦᠨ ᠰᠠᠩᠬᠦᠦᠵᠢᠯᠲᠠ ᠣᠷᠣᠵᠤ ᠢᠷᠡᠭᠡ ᠦᠭᠡᠢ᠃ ᠨᠡᠭᠦᠷᠡᠰᠦᠨ ᠦ ᠭᠣᠣᠯ  ᠢᠮᠫᠤᠷᠲᠯᠤᠭᠴᠢ ᠬᠢᠲᠠᠳ ᠣᠷᠣᠨ ᠬᠢᠵᠠᠭᠠᠷᠯᠠᠯ ᠳᠤ ᠲᠠᠯᠪᠢᠵᠤ ᠪᠠᠶᠢᠭ᠎ᠠ᠃ ᠥᠨᠥᠳᠥᠷ ᠶᠠᠭᠤᠨ ᠮᠤᠩᠭᠤᠯ ᠠᠷᠠᠳ ᠤᠨ ᠨᠠᠮ ᠤᠨ ᠳᠣᠲᠣᠭᠠᠳᠤ ᠵᠣᠳᠣᠭᠠᠨ ᠪᠤᠢ᠂ ᠮᠤᠩᠭᠤᠯ ᠠᠷᠠᠳ ᠤᠨ ᠨᠠᠮ ᠤᠨ ᠳᠠᠷᠤᠭ᠎ᠠ ᠤ᠊∙ᠬᠦᠷᠡᠯᠰᠦ᠋ᠬᠡ ᠶᠠᠭᠠᠬᠢᠭᠠᠳ 64 ᠭᠡᠰᠢᠭᠦᠨ ᠢᠶᠡᠨ ᠵᠠᠩᠭᠢᠳᠴᠤ ᠴᠢᠳᠠᠳᠠᠭ ᠦᠭᠡᠢ᠂ ᠲᠥᠷᠥ ᠶᠢ ᠭᠠᠴᠢᠭᠠᠭᠠᠳ᠂ ᠥᠪᠡᠷ ᠢ ᠪᠡᠨ ᠦᠨᠡᠨᠴᠢ ᠰᠢᠳᠤᠷᠭᠤ ᠶᠢᠨ ᠪᠠᠭᠠᠲᠤᠷ ᠮᠡᠲᠦ ᠪᠡᠷ ᠮᠠᠭᠲᠠᠭᠤᠯᠤᠭᠠᠳ ᠪᠠᠶᠢᠨ᠎ᠠ ᠪᠤᠢ︖ ᠮᠣᠩᠭᠣᠯ ᠤᠨ ᠠᠷᠠᠳ ᠲᠦᠮᠡᠨ ᠲᠤᠶᠢᠯᠳᠠᠯ᠎ᠠ᠃ ᠭᠠᠳᠠᠭᠤᠷ ᠥᠷᠭᠡᠨ ᠬᠡᠷᠡᠭᠯᠡᠭᠡᠨ ᠦ ᠪᠠᠷᠠᠭ᠎ᠠ ᠪᠦᠲᠦᠭᠡᠭᠳᠡᠬᠦᠨ ᠬᠡᠳᠦ ᠳᠠᠬᠢᠨ ᠦᠰᠴᠦ᠂ ᠤᠲᠤᠭ᠎ᠠ 21 ᠠᠶᠢᠮᠠᠭ ᠲᠤ ᠪᠤᠢ ᠪᠣᠯᠵᠤ᠂ ᠮᠣᠩᠭᠣᠯ ᠦᠨᠳᠦᠰᠦᠲᠡᠨ ᠦ ᠠᠶᠤᠯ ᠦᠭᠡᠢ ᠪᠠᠶᠢᠳᠠᠯ ᠠᠯᠳᠠᠭᠳᠠᠯ᠎ᠠ᠃ ᠠᠯᠲᠠᠨ ᠴᠡᠭᠡᠵᠢ ᠲᠡᠢ᠂ ᠮᠥᠩᠭᠥᠨ ᠪᠥᠭᠰᠡ ᠲᠡᠢ ᠶᠡᠷᠦᠩᠬᠡᠢ ᠰᠠᠶᠢᠳ ᠲᠠᠢ ᠪᠣᠯᠴᠢᠬᠠᠭᠰᠠᠨ᠃ ᠲᠡᠶᠢᠮᠦ ᠡᠴᠡ ᠪᠢ ᠶᠡᠷᠦᠩᠬᠡᠢ ᠰᠠᠶᠢᠳ ᠤ᠊∙ᠬᠦᠷᠡᠯᠰᠦ᠋ᠬᠡ  ᠳᠦ ᠠᠰᠠᠭᠤᠯᠭ᠎ᠠ ᠬᠦᠷᠭᠡᠭᠦᠯᠵᠦ ᠪᠠᠶᠢᠨ᠎ᠠ᠃

ᠵᠠᠰᠠᠭ ᠤᠨ ᠭᠠᠵᠠᠷ ᠤᠨ ᠭᠡᠰᠢᠭᠦᠳ ᠨᠢ ᠤᠯᠤᠰ ᠤᠨ ᠶᠡᠬᠡ ᠬᠤᠷᠠᠯ ᠤᠨ ᠬᠤᠷᠠᠯᠳᠤᠭᠠᠨ ᠳᠤ ᠪᠠᠨ ᠰᠠᠭᠤᠬᠤ ᠦᠭᠡᠢ᠂ ᠤᠯᠤᠰ ᠤᠨ ᠶᠡᠬᠡ ᠬᠤᠷᠠᠯ ᠢ ᠪᠣᠢᠺᠣᠲᠣᠯᠠᠭᠠᠳ ᠰᠠᠭᠤᠵᠤ ᠪᠠᠶᠢᠨ᠎ᠠ᠃ ᠬᠡᠦᠬᠡᠳ ᠦᠨ ᠮᠥᠩᠭᠥ ᠶᠢ ᠢᠯᠭᠠᠪᠤᠷᠢ ᠦᠭᠡᠢ ᠣᠯᠭᠤᠨ᠎ᠠ᠂ ᠦᠷᠢ ᠶᠢ ᠦᠷᠢ ᠪᠡᠷ ᠳᠠᠷᠤᠬᠤ ᠦᠭᠡᠢ᠂ ᠠᠬᠠᠮᠠᠳ ᠨᠠᠰᠤᠲᠠᠨ ᠤ ᠲᠡᠳᠬᠦᠪᠦᠷᠢ ᠶᠢ ᠨᠡᠮᠡᠨ᠎ᠡ ᠭᠡᠰᠡᠨ ᠶᠠᠭᠠᠬᠢᠭᠰᠠᠨ ᠪᠤᠢ᠃ ᠨᠠᠮᠠᠢ ᠶᠠᠭᠤ ᠴᠤ ᠭᠡᠵᠦ ᠳᠣᠷᠣᠮᠵᠢᠯᠠᠵᠤ ᠪᠣᠯᠤᠨ᠎ᠠ᠃ ᠪᠢ ᠰᠥᠷᠭᠦ ᠬᠦᠴᠦᠨ ᠦ ᠨᠠᠮ ᠤᠨ ᠳᠠᠷᠤᠭ᠎ᠠ ᠶᠢᠨ ᠬᠤᠪᠢ ᠳᠤ ᠦᠭᠡ ᠬᠡᠯᠡᠨ᠎ᠡ᠃ ᠤ᠊∙ᠬᠦᠷᠡᠯᠰᠦ᠋ᠬᠡ ᠶᠢᠨ ᠭᠠᠶᠢᠬᠠᠭᠤᠯᠤᠭᠠᠳ ᠪᠠᠶᠢᠭ᠎ᠠ ᠠᠵᠢᠯ ᠬᠠᠮᠢᠭ᠎ᠠ︖ ᠰᠢᠲᠠᠬᠤᠨ ᠤ ᠦᠨ᠎ᠡ ᠶᠢᠨ ᠥᠰᠦᠯᠲᠡ᠂ ᠬᠡᠦᠬᠡᠳ ᠦᠨ ᠡᠨᠳᠡᠭᠳᠡᠯ᠂ ᠠᠭᠠᠷ ᠤᠨ  ᠪᠤᠬᠢᠷᠳᠤᠯ ᠲᠠᠢ ᠲᠡᠮᠡᠴᠡᠬᠦ ᠠᠵᠢᠯ ᠢᠶᠠᠨ ᠬᠢ᠃ ᠬᠢᠵᠦ ᠴᠢᠳᠠᠬᠤ ᠦᠭᠡᠢ ᠪᠣᠯ ᠲᠠᠨ ᠤ ᠨᠠᠮ ᠲᠠᠲᠠᠨ ᠪᠠᠭᠤᠭᠳᠠ᠃ ᠶᠠᠮᠠᠷ ᠴᠤ ᠬᠠᠤᠯᠢ ᠪᠠᠲᠤᠯᠠᠭᠰᠠᠨ ᠲᠠ ᠨᠠᠷ ᠲᠤ ᠡᠷᠬᠡ ᠨᠢ ᠪᠠᠶᠢᠨ᠎ᠠ᠃ ᠡᠷᠬᠡ ᠪᠡᠨ ᠬᠡᠷᠡᠭᠵᠢᠭᠦᠯᠦᠭᠡᠳ ᠶᠠᠪᠤ ᠭᠡᠯ᠎ᠡ᠃ ᠰ∙ᠡᠷᠳᠡᠨᠢ ᠮᠡᠳᠡᠭᠡᠯᠡᠯ ᠬᠢᠭᠰᠡᠨ ᠦ ᠪᠡᠨ ᠳᠠᠷᠠᠭ᠎ᠠ ᠰᠡᠳᠬᠦᠯᠴᠢᠳ ᠦᠨ ᠠᠰᠠᠭᠤᠯᠲᠠ ᠳᠤ ᠬᠠᠷᠢᠭᠤᠯᠪᠠ᠃
– ᠫᠠᠷᠯᠠᠮᠧᠨᠲ ᠤᠨ ᠭᠡᠰᠢᠭᠦᠳ ᠢᠷᠡᠴᠡ ᠪᠡᠨ ᠪᠦᠷᠢᠳᠦᠭᠦᠯᠵᠦ᠂ ᠴᠢᠭᠤᠯᠭᠠᠨ ᠢ ᠬᠤᠷᠠᠯᠳᠤᠭᠤᠯᠬᠤ ᠲᠠᠯ᠎ᠠ ᠪᠠᠷ ᠳᠣᠲᠣᠷ᠎ᠠ ᠪᠠᠨ ᠣᠶᠢᠯᠠᠭᠠᠯᠴᠠᠵᠤ ᠪᠣᠯᠬᠤ ᠦᠭᠡᠢ ᠪᠠᠶᠢᠨ᠎ᠠ ᠤᠤ︖
– ᠡᠳᠡ ᠳᠣᠲᠣᠷ᠎ᠠ ᠪᠠᠨ ᠠᠰᠠᠭᠤᠳᠠᠯ ᠢᠶᠠᠨ ᠰᠢᠢᠳᠬᠦ ᠦᠭᠡᠢ ᠪᠣᠯ ᠪᠢᠳᠡ ᠶᠠᠭᠤ ᠴᠤ ᠬᠡᠯᠡᠭᠡᠳ ᠦᠷ᠎ᠡ ᠳ᠋ᠦᠩ ᠦᠭᠡᠢ ᠪᠠᠶᠢᠨ᠎ᠠ᠃ ᠡᠳᠡ ᠣᠳᠣ ᠪᠣᠯᠢᠬᠤ ᠬᠡᠷᠡᠭᠲᠡᠢ᠃ ᠰᠢᠭᠦᠮᠵᠢᠯᠡᠵᠦ ᠪᠣᠯᠳᠠᠭ ᠦᠭᠡᠢ ᠶᠡᠷᠦᠩᠬᠡᠢ ᠰᠠᠶᠢᠳ ᠲᠠᠢ ᠪᠣᠯᠤᠭᠰᠠᠨ᠃ ᠵᠠᠰᠠᠭ ᠤᠨ ᠭᠠᠵᠠᠷ ᠢ ᠰᠢᠭᠦᠮᠵᠢᠯᠡᠭᠰᠡᠨ ᠬᠦᠮᠦᠨ ᠪᠦᠷᠢ ᠶᠢ  ᠬᠤᠵᠠ ᠶᠢᠨ ᠡᠷᠯᠢᠵᠡ᠂ ᠮ᠂ᠡᠩᠬᠡᠪᠤᠯᠤᠳ ᠤᠨ ᠲᠠᠯ᠎ᠠ ᠶᠢᠨ ᠬᠦᠮᠦᠨ ᠭᠡᠬᠦ ᠶᠤᠮ᠃

– ᠠᠷᠠᠳᠴᠢᠯᠠᠭᠰᠠᠨ ᠨᠠᠮ  ᠤᠨ ᠪᠦᠯᠦᠭ ᠬᠡᠪ ᠢᠶᠡᠷ ᠢᠶᠡᠨ ᠪᠠᠶᠢᠭ᠎ᠠ ᠤᠤ︖
– ᠮᠠᠨ ᠤ ᠪᠦᠯᠦᠭ ᠬᠡᠪ ᠦᠨ ᠠᠵᠢᠯᠯᠠᠵᠤ ᠪᠠᠶᠢᠭ᠎ᠠ᠃ ᠯ∙ᠪᠤᠯᠤᠳ ᠠᠯᠪᠠᠨ ᠶᠣᠰᠣᠭᠠᠷ ᠡᠷᠭᠦᠳᠡᠯ ᠢᠶᠡᠨ ᠥᠭᠭᠦᠭᠡ ᠦᠭᠡᠢ ᠪᠠᠶᠢᠭ᠎ᠠ᠃
– ᠤᠯᠤᠰ ᠤᠨ ᠶᠡᠬᠡ ᠬᠤᠷᠠᠯ ᠤᠨ ᠳᠠᠷᠤᠭ᠎ᠠ ᠶᠢ ᠤᠭᠴᠠᠷᠠᠭᠤᠯᠬᠤ ᠱᠠᠭᠠᠷᠳᠠᠯᠭ᠎ᠠ ᠵᠥᠪ ᠦᠦ︖
– ᠤᠯᠤᠰ ᠤᠨ ᠶᠡᠬᠡ ᠬᠤᠷᠠᠯ ᠤᠨ ᠳᠠᠷᠤᠭ᠎ᠠ ᠶᠢ ᠤᠭᠴᠠᠷᠠᠭᠤᠯᠬᠤ ᠲᠠᠪᠤᠨ ᠦᠨᠳᠦᠰᠦᠯᠡᠯ ᠪᠠᠶᠢᠭ᠎ᠠ᠃ ᠬᠠᠤᠯᠢ ᠪᠠᠨ ᠯᠠ ᠳᠡᠭᠡᠳᠦᠯᠡᠬᠦ ᠬᠡᠷᠡᠭᠲᠡᠢ᠃

ᠰᠡᠳᠬᠢᠭᠳᠡᠯ ᠦᠯᠡᠳᠡᠭᠡᠬᠦ